ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠨᠠᠮ᠎ᠤᠨ ᠬᠣᠷᠢᠶ᠎ᠠ ᠨᠠᠮ᠎ᠤᠨ ᠰᠤᠷᠳᠠᠯ ᠴᠢᠬᠡᠴᠢ ᠵᠠᠰᠠᠭ᠎ᠤᠨ ᠪᠠᠢᠭᠤᠯᠤᠯᠳᠠ᠎ᠶᠢᠨ ᠠᠵᠢᠯ᠎ᠤᠨ ᠳᠤᠰᠭᠠᠢ ᠰᠡᠲᠦᠪᠳᠦ ᠬᠤᠷᠠᠯ᠎ᠢ ᠬᠤᠷᠠᠯᠳᠤᠭᠤᠯᠪᠠ
2019.06.25

      ᠬᠡᠪᠯᠡᠯ᠎ᠦᠨ ᠪᠦᠯᠦᠭᠯᠡᠯ᠎ᠤᠨ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢᠭᠤᠯᠤᠯᠳᠠ᠎ᠶᠢᠨ ᠠᠵᠢᠯ᠎ᠤᠨ ᠤᠳᠤᠷᠢᠳᠭᠤ ᠳᠤᠭᠤᠢᠯᠠᠩ᠎ᠤᠨ ᠠᠵᠢᠯ᠎ᠤᠨ ᠲᠣᠬᠢᠷᠠᠭᠤᠯᠤᠯᠳᠠ ᠶᠣᠰᠤᠭᠠᠷ 2019 ᠣᠨ᠎ᠤ 5 ᠰᠠᠷ᠎ᠠ᠎ᠶᠢᠨ 24᠎ᠤ ᠡᠳᠦᠷ᠂ ᠪᠦᠯᠦᠭᠯᠡᠯ᠎ᠦᠨ ᠨᠠᠮ᠎ᠤᠨ ᠬᠣᠷᠢᠶ᠎ᠠ ᠨᠠᠮ᠎ᠤᠨ ᠰᠤᠷᠳᠠᠯ ᠴᠢᠬᠡᠴᠢ ᠵᠠᠰᠠᠭ᠎ᠤᠨ ᠪᠠᠢᠭᠤᠯᠤᠯᠳᠠ᠎ᠶᠢᠨ ᠠᠵᠢᠯ᠎ᠤᠨ ᠳᠤᠰᠭᠠᠢ ᠰᠡᠲᠦᠪᠳᠤ ᠬᠤᠷᠠᠯ ᠬᠤᠷᠠᠯᠳᠤᠭᠤᠯᠪᠠ᠃ ᠬᠤᠷᠠᠯ᠎ᠳᠤ᠂ ᠳᠥᠷᠪᠡᠨ ᠨᠣᠶᠠᠨ᠎ᠤ ᠠᠰᠠᠭᠤᠳᠠᠯ᠎ᠢ ᠴᠡᠭᠴᠡᠯᠡᠨ ᠵᠠᠰᠠᠬᠤ ᠳᠤᠬᠠᠢ ᠠᠵᠢᠯᠯᠠᠭᠠᠨ᠎ᠤ ᠠᠰᠠᠭᠤᠳᠠᠯ᠎ᠤᠨ ᠨᠠᠷᠢᠨ ᠳᠠᠩᠰᠠ ᠪᠣᠯᠤᠨ ᠬᠠᠷᠢᠭᠤᠴᠠᠯᠭ᠎ᠠ᠎ᠶᠢᠨ ᠨᠠᠷᠢᠨ ᠳᠠᠩᠰᠠ ᠵᠢᠴᠢ ᠪᠦᠯᠦᠭᠯᠡᠯ᠎ᠦᠨ ᠨᠠᠮ᠎ᠤᠨ ᠬᠣᠷᠢᠶᠠᠨ᠎ᠤ ᠨᠠᠮ᠎ᠤᠨ ᠤᠯᠤᠰ ᠳᠦᠷᠦ᠎ᠶᠢᠨ ᠪᠠᠢᠭᠤᠯᠤᠯᠲᠠ᠎ᠶᠢ ᠴᠢᠩᠭᠠᠳᠭᠠᠬᠤ ᠬᠠᠷᠢᠭᠤᠴᠠᠯᠭ᠎ᠠ᠎ᠶᠢᠨ ᠨᠠᠷᠢᠨ ᠳᠠᠩᠰᠠ᠎ᠶᠢ ᠳᠤᠭᠳᠠᠭᠠᠬᠤ ᠳᠤᠬᠠᠢ ᠬᠠᠮᠢᠶ᠎ᠠ ᠪᠦᠬᠦᠢ ᠬᠡᠷᠡᠭ ᠵᠦᠢᠯ᠎ᠢ ᠰᠤᠳᠤᠯᠤᠨ ᠶᠠᠷᠢᠯᠴᠠᠪᠠ᠃

      ᠬᠤᠷᠠᠯ ᠳᠡᠭᠡᠷ᠎ᠡ ᠴᠢᠬᠤᠯᠠᠴᠢᠯᠠᠭᠰᠠᠨ᠎ᠨᠢ᠂ ᠨᠢᠭᠡ᠎ᠳᠤ ᠤᠯᠤᠰ ᠳᠦᠷᠦ᠎ᠶᠢᠨ ᠪᠠᠢᠭᠤᠯᠤᠯᠳᠠ᠎ᠶᠢ ᠴᠢᠩᠭᠠᠳᠭᠠᠨ᠎ᠠ᠃ ᠡᠯ᠎ᠡ ᠨᠢᠭᠡᠴᠢ ᠣᠨᠴᠠᠭᠠᠢᠯᠠᠨ ᠭᠣᠤᠯ ᠬᠠᠷᠢᠭᠤᠴᠠᠯᠭᠠᠳᠠᠨ ᠨᠥᠬᠦᠳ ᠨᠠᠮ᠎ᠤᠨ ᠤᠯᠤᠰ ᠳᠦᠷᠦ᠎ᠶᠢᠨ ᠪᠠᠢᠭᠤᠯᠤᠯᠳᠠ᠎ᠶᠢ ᠴᠢᠩᠭᠠᠳᠭᠠᠬᠤ᠎ᠶᠢ ᠰᠠᠨᠠᠭᠠᠨ᠎ᠳᠤ᠎ᠪᠠᠨ ᠠᠪᠴᠤ᠂ ᠮᠥᠷᠦᠨ᠎ᠳᠤ᠎ᠪᠠᠨ ᠮᠥᠷᠦᠯᠡᠨ᠂ ᠭᠠᠷ᠎ᠲᠤ᠎ᠪᠠᠨ ᠠᠳᠭᠤᠬᠤ ᠬᠡᠷᠡᠭᠳᠡᠢ᠃ ᠰᠢ᠎ᠵᠢᠨ ᠫᠢᠩ᠎ᠤᠨ ᠱᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ ᠪᠣᠯᠤᠨ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ᠎ᠤᠨ ᠵᠣᠷᠢᠭ ᠰᠠᠨᠠᠭ᠎ᠠ ᠵᠢᠴᠢ ᠶᠡᠷᠦᠩᠬᠡᠢ ᠱᠦᠵᠢ ᠰᠢ᠎ᠵᠢᠨ ᠫᠢᠩ᠎ᠤᠨ ᠥᠪᠦᠷ ᠮᠣᠩᠭᠤᠯ᠎ᠤᠨ ᠲᠤᠬᠠᠢ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶᠢᠨ ᠵᠣᠷᠢᠭ ᠰᠠᠨᠠᠭ᠎ᠠ᠎ᠶᠢ ᠰᠤᠷᠤᠯᠴᠠᠨ ᠳᠤᠭᠤᠱᠢᠯᠠᠭᠤᠯᠬᠤ᠎ᠪᠡᠷ ᠳᠡᠷᠢᠬᠦᠨ ᠴᠢᠬᠤᠯᠠ ᠤᠯᠤᠰ ᠳᠦᠷᠦ᠎ᠶᠢᠨ ᠡᠭᠦᠷᠭᠡ ᠪᠤᠯᠭᠠᠵᠦ᠂ ᠰᠢ᠎ᠵᠢᠨ ᠫᠢᠩ᠎ᠤᠨ ᠱᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠡᠷ ᠲᠠᠷᠢᠬᠢ ᠳᠤᠯᠤᠭᠠᠢ᠎ᠪᠠᠨ ᠵᠡᠪᠰᠡᠭᠯᠡᠬᠦ᠂ ᠦᠢᠯᠡᠳᠦᠯᠭᠡ᠎ᠪᠠᠨ ᠵᠢᠯᠤᠭᠤᠳᠤᠯᠬᠤ᠂ ᠠᠵᠢᠯ᠎ᠢᠶᠠᠨ ᠠᠬᠢᠭᠤᠯᠬᠤ᠎ᠶᠢ ᠪᠠᠷᠢᠮᠳᠠᠯᠠᠵᠦ᠂ ᠤᠯᠤᠰ ᠲᠥᠷᠦ᠎ᠶᠢᠨ ᠡᠭᠦᠷᠭᠡᠯᠡᠯ᠎ᠢᠶᠡᠨ ᠳᠠᠰᠤᠷᠠᠯᠳᠠ᠎ᠦᠭᠡᠢ ᠴᠢᠩᠭ᠋ᠠᠳᠭᠠᠵᠦ᠂ ᠥᠨᠳᠦᠷ ᠳᠦᠪᠱᠢᠨ᠎ᠦ ᠤᠯᠤᠰ ᠳᠦᠷᠦ᠎ᠶᠢᠨ ᠤᠬᠠᠮᠰᠠᠷ᠂ ᠡᠷᠡᠰ ᠪᠠᠳᠤ ᠤᠯᠤᠰ ᠲᠥᠷᠦ᠎ᠶᠢᠨ ᠳᠤᠭᠳᠠᠮᠠᠯ ᠬᠦᠴᠦᠨ ᠪᠠ ᠦᠨᠡᠨ ᠪᠤᠳᠠᠳᠠᠢ ᠠᠵᠢᠯᠯᠠᠭ᠎ᠠ᠎ᠪᠡᠷᠬᠤᠶᠠᠷ᠎ᠢ ᠬᠠᠮᠠᠭᠠᠯᠠᠬᠤ᠎ᠶᠢ ᠭᠤᠢᠪᠢᠱᠢ᠎ᠦᠭᠡᠢ ᠨᠠᠢᠳᠠᠪᠤᠷᠢᠵᠢᠭᠤᠯᠬᠤ ᠬᠡᠷᠡᠭᠳᠡᠢ ; ᠬᠤᠶᠠᠷ᠎ᠲᠤ ᠤᠳᠤᠷᠢᠳᠤᠯᠭ᠎ᠠ᠎ᠶᠢᠨ ᠦᠯᠢᠭᠡᠷ ᠳᠠᠭᠤᠷᠢᠶᠠᠯ ᠦᠵᠡᠭᠦᠯᠬᠦ᠎ᠶᠢ ᠴᠢᠩᠭᠠᠳᠭᠠᠨ᠎ᠠ᠃ ᠪᠦᠯᠦᠭᠯᠡᠯ᠎ᠦᠨ ᠤᠳᠤᠷᠢᠳᠭᠤ ᠪᠠᠭ᠎ᠤᠨ ᠬᠡᠱᠢᠬᠦᠨ᠂ ᠡᠯ᠎ᠡ ᠳᠠᠰᠤᠭ ᠵᠢᠴᠢ ᠬᠠᠷᠢᠶᠠᠳᠤ ᠨᠢᠭᠡᠴᠢ᠎ᠶᠢᠨ ᠬᠠᠷᠢᠭᠤᠴᠠᠯᠭᠠᠲᠠᠨ ᠨᠦ᠍ᠭᠦᠳ ᠲᠣᠯᠤᠭᠠᠢᠯᠠᠨᠨᠢᠭᠡ ᠪᠠᠢᠷᠢ ᠬᠤᠶᠠᠷ ᠬᠠᠷᠢᠭᠤᠴᠠᠯᠭ᠎ᠠ᠎ᠶᠢ ᠭᠦᠢᠴᠡᠳᠭᠡᠵᠦ᠂ ᠠᠷᠢᠭᠤᠨ ᠴᠢᠬᠡᠴᠢ᠎ᠶᠢ ᠪᠠᠳᠤᠯᠠᠨ᠂ ᠣᠨᠴᠠ ᠡᠷᠬᠡ᠎ᠶᠢᠨ ᠦᠵᠡᠯ ᠰᠠᠨᠠᠭ᠎ᠠ ᠪᠠ ᠣᠨᠴᠠ ᠡᠷᠬᠡ᠎ᠶᠢᠨ ᠦᠵᠡᠭᠳᠡᠯ᠎ᠢ ᠡᠷᠡᠰ ᠡᠰᠡᠷᠭᠦᠴᠡᠵᠦ᠂ ᠪᠡᠶ᠎ᠡ᠎ᠪᠠᠨ ᠴᠢᠩᠭ᠎ᠠ ᠱᠠᠭᠠᠷᠳᠠᠨ᠂ ᠬᠠᠵᠠᠭᠤ᠎ᠶᠢᠨ ᠬᠥᠮᠦᠨ᠂ ᠬᠡᠷ᠎ᠦᠨ ᠬᠥᠮᠦᠨ᠎ᠢᠶᠡᠨ ᠰᠠᠢᠲᠤᠷ ᠬᠠᠮᠢᠶᠠᠷᠴᠤ᠂ ᠡᠯ᠎ᠡ ᠡᠲᠡᠭᠡᠳ᠎ᠦᠨ ᠬᠢᠨᠠᠯᠳᠠ᠎ᠶᠢ ᠤᠬᠠᠮᠰᠠᠷ᠎ᠡᠴᠡ᠎ᠪᠠᠨ ᠬᠦᠯᠢᠶᠡᠬᠦ ᠬᠡᠷᠡᠭᠳᠡᠢ ; ᠭᠤᠷᠪᠠ᠎ᠳᠤ ᠬᠡᠪ ᠰᠤᠷᠳᠠᠯ᠎ᠤᠨ ᠪᠠᠢᠭᠤᠯᠤᠯᠳᠠ᠎ᠶᠢ ᠴᠢᠩᠭᠠᠳᠭᠠᠨ᠎ᠠ᠃ ᠤᠯᠤᠰ ᠳᠦᠷᠦ᠎ᠶᠢ ᠡᠷᠬᠢᠮᠯᠡᠬᠦ ᠥᠨᠳᠦᠷᠴᠡ᠎ᠡᠴᠡ ᠬᠡᠯᠪᠡᠷᠢᠴᠢ ᠦᠵᠡᠯ᠂ ᠨᠣᠶᠠᠨᠴᠢ ᠦᠵᠡᠯ᠎ᠢ ᠪᠦᠬᠦ ᠲᠠᠯ᠎ᠠ᠎ᠪᠡᠷ ᠴᠡᠭᠴᠡᠯᠡᠨ ᠵᠠᠰᠠᠵᠦ᠂ ᠳᠥᠷᠪᠡᠨ ᠨᠣᠶᠠᠨ᠎ᠤ ᠳᠤᠰᠭᠠᠢ ᠠᠵᠢᠯᠯᠠᠭ᠎ᠠ᠎ᠶᠢ ᠭᠦᠨᠵᠡᠬᠡᠢᠷᠡᠨ ᠥᠷᠨᠢᠭᠦᠯᠵᠦ᠂ ᠪᠦᠯᠦᠭᠯᠡᠯ᠎ᠦᠨᠳᠥᠷᠪᠡᠨ ᠨᠣᠶᠠᠨ᠎ᠤ ᠠᠰᠠᠭᠤᠳᠠᠯ᠎ᠢ ᠴᠡᠭᠴᠡᠯᠡᠨ ᠵᠠᠰᠠᠬᠤ ᠨᠠᠷᠢᠨ ᠳᠠᠩᠰᠨ ᠪᠣᠯᠤᠨ ᠬᠠᠷᠢᠭᠤᠴᠠᠯᠭ᠎ᠠ᠎ᠶᠢᠨ ᠨᠠᠷᠢᠨ ᠳᠠᠩᠰᠠ᠎ᠶᠢ ᠦᠨᠳᠦᠰᠦᠯᠡᠨ ᠡᠭᠦᠷᠭᠡ᠎ᠶᠢ ᠳᠤᠳᠤᠳᠭᠠᠨ ᠬᠠᠷᠢᠭᠤᠴᠠᠯᠭ᠎ᠠ᠎ᠶᠢ ᠳᠤᠳᠤᠷᠠᠭᠤᠯᠬᠤ ᠬᠡᠷᠡᠭᠳᠡᠢ᠃ ᠡᠯ᠎ᠡ ᠨᠢᠭᠡᠴᠢ ᠡᠯ᠎ᠡ ᠰᠠᠯᠠᠭ᠎ᠠ ᠮᠥᠴᠢᠷ ᠤᠯᠤᠰ ᠳᠦᠷᠦ᠎ᠶᠢᠨ ᠡᠭᠦᠷᠭᠡᠯᠡᠯ᠎ᠢᠶᠡᠨ ᠴᠢᠩᠭ᠋ᠠᠳᠭᠠᠵᠦ᠂ ᠠᠵᠢᠯ᠎ᠤᠨ ᠰᠡᠳᠭᠢᠮᠵᠢ᠎ᠪᠠᠨ ᠱᠢᠨᠡᠴᠢᠯᠡᠵᠦ᠂ ᠴᠥᠬᠦᠷᠡᠱᠢ᠎ᠦᠭᠡᠢ ᠵᠢᠳᠭᠦᠨ ᠴᠢᠩᠭ᠎ᠠ ᠪᠠᠷᠢᠮᠳᠠᠯᠠᠨ ᠠᠳᠭᠤᠵᠦ᠂ ᠬᠠᠳᠠᠭᠠᠰᠤ ᠬᠠᠳᠠᠬᠤ ᠵᠣᠷᠢᠭ ᠰᠠᠨᠠᠭ᠎ᠠ᠎ᠪᠡᠷ ᠰᠠᠢᠳᠤᠷ ᠨᠠᠢᠳᠠᠪᠤᠷᠢᠭᠤᠯᠵᠦ᠂ ᠪᠤᠳᠠᠳᠤ ᠦᠷ᠎ᠡ ᠪᠦᠳᠦᠮᠵᠢ ᠤᠯᠬᠤ᠎ᠶᠢ ᠪᠠᠳᠤᠯᠠᠬᠤ ᠬᠡᠷᠡᠭᠳᠡᠢ ; ᠳᠥᠷᠪᠡ᠎ᠳᠤ ᠤᠯᠤᠰ ᠳᠦᠷᠦ᠎ᠶᠢᠨ ᠡᠭᠦᠷᠭᠡᠯᠡᠯ᠎ᠢ ᠴᠢᠩᠭᠠᠳᠭᠠᠨ᠎ᠠ᠃ ᠨᠠᠮ᠎ᠤᠨ ᠰᠤᠷᠳᠠᠯ ᠴᠢᠬᠡᠴᠢ ᠵᠠᠰᠠᠭ᠎ᠤᠨ ᠪᠠᠢᠭᠤᠯᠤᠯᠳᠠ᠎ᠶᠢᠨᠬᠤᠶᠠᠷ ᠬᠠᠷᠢᠭᠤᠴᠠᠯᠭ᠎ᠠ᠎ᠶᠢ ᠴᠢᠩᠭ᠎ᠠ ᠪᠤᠳᠠᠳᠠᠢ ᠲᠤᠯᠭᠠᠵᠦ᠂ ᠨᠠᠮ᠎ᠤᠨ ᠰᠤᠷᠳᠠᠯ ᠴᠢᠬᠡᠴᠢ ᠵᠠᠰᠠᠭ᠎ᠤᠨ ᠪᠠᠢᠭᠤᠯᠤᠯᠲᠠ᠎ᠶᠢᠨ ᠠᠵᠢᠯ᠎ᠢ ᠬᠡᠪᠯᠡᠯ᠎ᠦᠨ ᠪᠦᠯᠦᠭᠯᠡᠯ᠎ᠦᠨ ᠠᠵᠢᠯ᠎ᠤᠨ ᠡᠯ᠎ᠡ ᠭᠣᠭᠴᠤᠭᠠᠨ᠎ᠳᠤ ᠠᠭᠤᠰᠭᠠᠨ ᠤᠷᠤᠭᠤᠯᠵᠦ᠂ ᠪᠦᠯᠦᠭᠯᠡᠯ᠎ᠦᠨ ᠠᠵᠢᠯ᠎ᠤᠨ ᠪᠤᠳᠠᠳᠠᠢ ᠪᠠᠢᠳᠠᠯ᠎ᠡᠴᠡ ᠡᠭᠦᠰᠦᠨ᠂ ᠬᠠᠷᠢᠭᠤᠴᠠᠯᠭ᠎ᠠ ᠡᠭᠦᠷᠭᠡᠯᠡᠯ᠎ᠢ ᠰᠠᠨᠠᠭᠠᠨ᠎ᠳᠤ᠎ᠪᠠᠨ ᠠᠪᠴᠤ ᠮᠥᠷᠦᠨ᠎ᠳᠤ᠎ᠪᠠᠨ ᠮᠥᠷᠦᠯᠡᠨ ᠭᠠᠷ᠎ᠲᠤ ᠠᠳᠭᠤᠵᠦ᠂ ᠠᠵᠢᠯ ᠪᠠᠢᠷᠢᠯᠠᠭᠤᠯᠬᠤ᠎ᠳᠤ᠎ᠪᠠᠨ ᠦᠨᠡᠨ ᠰᠡᠳᠭᠢᠯ ᠪᠤᠳᠠᠳᠠᠢ ᠪᠦᠳᠦᠮᠵᠢ᠎ᠶᠢ ᠡᠷᠬᠢᠮᠯᠡᠨ᠂ ᠨᠠᠮ᠎ᠤᠨ ᠰᠤᠷᠳᠠᠯ ᠴᠢᠬᠡᠴᠢ ᠵᠠᠰᠠᠭ᠎ᠤᠨ ᠪᠠᠢᠭᠤᠯᠤᠯᠳᠠ᠎ᠶᠢᠨ ᠠᠵᠢᠯ᠎ᠤᠨ ᠤᠳᠤᠷᠢᠳᠭᠤ ᠳᠤᠭᠤᠢᠯᠠᠩ᠎ᠤᠨ ᠲᠣᠬᠢᠷᠠᠭᠤᠯᠤᠯᠳᠠ᠎ᠲᠠᠢ ᠬᠠᠷᠠᠭᠠᠯᠵᠠᠭᠤᠯᠤᠨ ᠵᠥᠪ ᠤᠢᠯᠠᠭᠠᠵᠦ ᠡᠵᠡᠮᠱᠢᠭᠰᠡᠨ ᠰᠠᠭᠤᠷᠢᠨ ᠳᠡᠭᠡᠷ᠎ᠡ ᠡᠯ᠎ᠡ ᠨᠢᠭᠡᠴᠢ ᠡᠯ᠎ᠡ ᠰᠠᠯᠠᠭ᠎ᠠ ᠮᠥᠴᠢᠷ᠎ᠦᠨ ᠪᠤᠳᠠᠳᠠᠢ᠎ᠲᠠᠢ ᠤᠶᠠᠯᠳᠤᠭᠤᠯᠵᠦ᠂ ᠴᠢᠭᠯᠡᠯᠳᠦ ᠴᠢᠨᠠᠷ᠎ᠲᠠᠢ᠂ ᠬᠡᠷᠡᠭᠵᠢᠭᠦᠯᠵᠦ ᠪᠣᠯᠬᠤᠢᠴᠠ ᠨᠠᠷᠢᠨ ᠳᠤᠳᠤᠷᠬᠠᠢ ᠠᠷᠭ᠎ᠠ ᠬᠡᠮᠵᠢᠶ᠎ᠡ ᠳᠤᠭᠳᠠᠭᠠᠵᠦ᠂ ᠨᠠᠮ᠎ᠤᠨ ᠰᠤᠷᠳᠠᠯ ᠴᠢᠬᠡᠴᠢ ᠵᠠᠰᠠᠭ᠎ᠤᠨ ᠡᠯ᠎ᠡ ᠲᠠᠯ᠎ᠠ᠎ᠶᠢᠨ ᠠᠵᠢᠯ᠎ᠤᠨ ᠡᠭᠦᠷᠭᠡ᠎ᠶᠢ ᠪᠤᠳᠠᠳᠠᠢ ᠨᠠᠢᠳᠠᠪᠤᠷᠢᠵᠢᠬᠤ᠎ᠶᠢ ᠪᠠᠳᠤᠯᠠᠬᠤ ᠬᠡᠷᠡᠭᠳᠡᠢ; ᠲᠠᠪᠤ᠎ᠳᠤ ᠬᠢᠨᠠᠯᠳᠠ ᠳᠠᠯᠪᠢᠨ ᠰᠠᠬᠢᠯᠭ᠎ᠠ ᠪᠠᠳᠤ ᠪᠠᠢᠴᠠᠭᠠᠭᠴᠢ᠎ᠶᠢᠨᠳᠥᠷᠪᠡᠨ ᠵᠦᠢᠯ᠎ᠦᠨ ᠬᠡᠯᠪᠡᠷᠢ ᠪᠠᠢᠳᠠᠯ᠎ᠢ ᠰᠠᠢᠳᠤᠷ ᠬᠡᠷᠡᠭᠵᠢᠭᠦᠯᠦᠨ᠎ᠡ᠃ ᠪᠣᠳᠤᠯ ᠰᠡᠳᠭᠢᠯ᠎ᠦᠨ ᠶᠠᠷᠢᠯᠴᠠᠯᠭ᠎ᠠ᠎ᠶᠢ ᠥᠷᠭᠡᠨ᠎ᠢᠶᠡᠷ ᠥᠷᠨᠢᠭᠦᠯᠵᠦ᠂ ᠰᠡᠷᠡᠮᠵᠢᠯᠡᠭᠦᠯᠬᠦ᠂ ᠵᠠᠬᠢᠳᠠᠯ᠎ᠢᠶᠠᠷ ᠪᠠᠢᠴᠠᠭᠠᠨ ᠯᠠᠪᠯᠠᠬᠤ᠂ ᠰᠠᠨᠠᠭᠤᠯᠬᠤ ᠵᠡᠷᠭᠡ ᠵᠣᠬᠢᠶᠠᠨ ᠪᠠᠢᠭᠤᠯᠤᠯᠳᠠ᠎ᠶᠢᠨ ᠠᠷᠭ᠎ᠠ ᠬᠡᠮᠵᠢᠶ᠎ᠡ᠎ᠶᠢ ᠰᠠᠢᠳᠤᠷ ᠬᠡᠷᠡᠭᠯᠡᠵᠦ᠂ ᠡᠷᠲᠡ᠎ᠡᠴᠡ ᠭᠠᠷᠳᠠᠬᠤ ᠪᠠᠭ᠎ᠠ ᠵᠦᠢᠯ᠎ᠡᠴᠡ ᠭᠠᠷᠳᠠᠬᠤ ᠡᠳᠦᠷ ᠳᠣᠳᠤᠮ᠎ᠤᠨ ᠵᠦᠢᠯ᠎ᠡᠴᠡ ᠭᠠᠷᠳᠠᠬᠤ᠎ᠳᠤ ᠬᠦᠴᠦ ᠳᠠᠯᠪᠢᠵᠦ᠂ ᠪᠠᠭ᠎ᠠ ᠳᠤᠳᠠᠭᠳᠠᠯ᠎ᠡᠴᠡ ᠶᠡᠬᠡ ᠠᠰᠠᠭᠤᠳᠠᠯ ᠪᠣᠯᠤᠨ ᠤᠯᠠᠷᠢᠬᠤ᠎ᠡᠴᠡ ᠵᠠᠢᠯᠠᠰᠬᠢᠬᠦ ᠬᠡᠷᠡᠭᠳᠡᠢ᠃

      ᠬᠤᠷᠠᠯ᠎ᠢ ᠪᠦᠯᠦᠭᠯᠡᠯ᠎ᠦᠨ ᠨᠠᠮ᠎ᠤᠨ ᠬᠣᠷᠢᠶᠠᠨ᠎ᠤ ᠱᠦᠵᠢ᠂ ᠬᠡᠷᠡᠭ ᠮᠡᠳᠡᠭᠴᠢᠳ᠎ᠦᠨ ᠳᠠᠷᠤᠭ᠎ᠠ ᠱᠤᠸᠠᠩ ᠯᠦᠩ ᠨᠥᠬᠦᠷ ᠡᠷᠬᠢᠯᠡᠪᠡ᠃

 

                                                                                                     ᠣᠷᠴᠢᠭᠤᠯᠤᠭᠴᠢ᠄ ᠲᠡᠷᠭᠡᠯ

(ᠬᠠᠷᠢᠭᠤᠴᠠᠭᠰᠠᠨ ᠨᠠᠢᠷᠠᠭᠤᠯᠤᠭᠴᠢ : 本站编辑)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠠᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ:
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ
ᠱᠢᠨ᠎ᠡ
ᠬᠤᠲᠠ
ᠲᠤᠭᠤᠷᠢᠭ᠎ᠤᠨ
ᠱᠢᠩᠬᠤᠸᠠ
ᠵᠡᠬᠦᠨ
ᠵᠡᠭᠡᠯᠢ᠎ᠵᠢᠨ
89᠎ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ᠃