ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠠᠬᠢᠯᠭ᠎ᠠ ᠪᠠᠲᠤ᠎ᠶᠢᠨ ᠱᠢᠢᠳᠭᠡᠯ ᠦᠭᠭᠦ ᠳᠦᠷᠢᠮ (ᠬᠣᠶᠠᠳᠤᠭᠠᠷ ᠠᠩᠭᠢ)
2021.09.17

    ᠬᠣᠶᠠᠳᠤᠭᠠᠷ ᠠᠩᠭᠢ  ᠬᠤᠪᠢᠶᠠᠷᠢ ᠳᠦᠷᠢᠮ

 

    ᠵᠢᠷᠭᠤᠳᠤᠭᠠᠷ ᠪᠦᠯᠦᠭ  ᠤᠯᠤᠰ ᠲᠥᠷᠦ᠎ᠶᠢᠨ ᠰᠠᠬᠢᠯᠭ᠎ᠠ ᠪᠠᠲᠤ᠎ᠶᠢ ᠵᠥᠷᠢᠴᠡᠭᠰᠡᠨ ᠦᠢᠯᠡ ᠠᠵᠢᠯᠯᠠᠭ᠎ᠠ᠎ᠳᠤ ᠦᠭᠭᠦ ᠱᠢᠢᠳᠭᠡᠯ

 

  ᠳᠥᠴᠢᠨ ᠳᠥᠷᠪᠡᠳᠦᠭᠡᠷ ᠵᠦᠢᠯ  ᠴᠢᠬᠤᠯᠠ ᠶᠡᠬᠡ ᠵᠠᠷᠴᠢᠮ᠎ᠤᠨ ᠠᠰᠠᠭᠤᠳᠠᠯ ᠳᠡᠭᠡᠷ᠎ᠡ ᠨᠠᠮ᠎ᠤᠨ ᠲᠥᠪ ᠬᠣᠷᠢᠶ᠎ᠠ᠎ᠲᠠᠢ ᠨᠢᠭᠡᠳᠦᠯᠲᠡᠢ ᠪᠠᠢᠬᠤ᠎ᠶᠢ ᠪᠠᠲᠤᠯᠠᠭᠰᠠᠨ᠎ᠦᠭᠡᠢ ᠮᠥᠷᠲᠡᠭᠡᠨ ᠪᠣᠳᠠᠲᠠᠢ ᠦᠭᠡ ᠶᠠᠷᠢᠶ᠎ᠠ᠂ ᠦᠢᠯᠡ ᠠᠵᠢᠯᠯᠠᠭ᠎ᠠ᠎ᠲᠠᠢ ᠪᠠᠢᠵᠤ ᠮᠠᠭᠤ ᠦᠷ᠎ᠡ ᠳ᠋ᠦᠩ ᠭᠠᠷᠭᠠᠭᠰᠠᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠳᠥᠴᠢᠨ ᠲᠠᠪᠤᠳᠤᠭᠠᠷ ᠵᠦᠢᠯ  ᠰᠦᠯᠵᠢᠶ᠎ᠡ᠂ ᠷᠠᠳᠢᠤ᠋᠂ ᠲᠧᠯᠸᠢᠰ᠂ ᠰᠣᠨᠢᠨ ᠰᠡᠳᠭᠦᠯ᠂ ᠤᠬᠠᠭᠤᠯᠭ᠎ᠠ᠎ᠶᠢᠨ ᠬᠠᠭᠤᠳᠠᠰᠤ᠂ ᠨᠣᠮ ᠪᠢᠴᠢᠭ ᠵᠡᠷᠭᠡ᠎ᠪᠡᠷ ᠪᠤᠶᠤ ᠲᠠᠢᠯᠤᠮᠵᠢ᠂ ᠶᠠᠷᠢᠶᠠᠨ᠎ᠤ ᠲᠠᠪᠴᠠᠩ᠂ ᠮᠡᠳᠡᠭᠦᠯᠦᠯᠲᠡ᠎ᠶᠢᠨ ᠬᠤᠷᠠᠯ᠂ ᠶᠠᠷᠢᠯᠴᠠᠬᠤ ᠬᠤᠷᠠᠯ ᠵᠡᠷᠭᠡ ᠬᠡᠯᠪᠡᠷᠢ᠎ᠶᠢ ᠠᠱᠢᠭᠯᠠᠵᠤ᠂ ᠬᠥᠷᠦᠩᠭᠡᠲᠡᠨ ᠠᠩᠭᠢ᠎ᠶᠢᠨ ᠴᠢᠯᠦᠭᠡᠵᠢᠯᠲᠡ᠎ᠶᠢᠨ ᠵᠣᠭᠰᠤᠯᠲᠠ᠎ᠶᠢ᠎ᠪᠠᠷᠢᠮᠲᠠᠯᠠᠭᠰᠠᠨ᠂ ᠳᠥᠷᠪᠡᠨ ᠦᠨᠳᠦᠰᠦᠨ ᠵᠠᠷᠴᠢᠮ᠎ᠢ ᠡᠰᠡᠷᠭᠦᠴᠡᠭᠰᠡᠨ᠂ ᠨᠠᠮ᠎ᠤᠨ ᠥᠭᠡᠷᠡᠴᠢᠯᠡᠯᠲᠡ ᠨᠡᠭᠡᠭᠡᠯᠲᠡ᠎ᠶᠢᠨ ᠱᠢᠢᠳᠪᠦᠷᠢᠲᠦ ᠪᠣᠳᠤᠯᠭ᠎ᠠ᠎ᠶᠢ ᠡᠰᠡᠷᠭᠦᠴᠡᠭᠰᠡᠨ ᠵᠣᠬᠢᠶᠠᠯ᠂ ᠶᠠᠷᠢᠶ᠎ᠠ᠂ ᠲᠤᠩᠬᠠᠭ᠂ ᠢᠯᠡᠷᠬᠡᠢᠯᠡᠯᠲᠡ ᠵᠡᠷᠭᠡ᠎ᠶᠢ ᠢᠯᠡ᠎ᠪᠡᠷ ᠨᠡᠢᠲᠡᠯᠡᠭᠰᠡᠨ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠡᠮᠦᠨᠡᠬᠢ ᠪᠠᠳᠠᠭ᠎ᠲᠤ ᠵᠢᠭᠰᠠᠭᠠᠭᠰᠠᠨ ᠵᠣᠬᠢᠶᠠᠯ᠂ ᠶᠠᠷᠢᠶ᠎ᠠ᠂ ᠲᠤᠩᠬᠠᠭ᠂ ᠢᠯᠡᠷᠬᠡᠢᠯᠡᠯᠲᠡ ᠵᠡᠷᠭᠡ᠎ᠶᠢ ᠵᠠᠷᠯᠠᠭᠰᠠᠨ᠂ ᠨᠡᠪᠲᠡᠷᠡᠭᠦᠯᠦᠭᠰᠡᠨ᠂ ᠨᠡᠢᠲᠡᠯᠡᠭᠰᠡᠨ᠂ ᠬᠡᠪᠯᠡᠭᠰᠡᠨ ᠪᠤᠶᠤ ᠳᠡᠭᠡᠷ᠎ᠡ ᠶᠠᠷᠢᠭᠰᠠᠨ ᠦᠢᠯᠡ ᠠᠵᠢᠯᠯᠠᠭ᠎ᠠ᠎ᠳᠤ ᠳᠥᠭᠦᠮ ᠨᠥᠬᠦᠴᠡᠯ ᠬᠠᠩᠭᠠᠭᠰᠠᠨ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠴᠢᠩᠭ᠎ᠠ ᠳᠣᠩᠭᠤᠳᠭᠤ ᠪᠤᠶᠤ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠳᠥᠴᠢᠨ ᠵᠢᠷᠭᠤᠳᠤᠭᠠᠷ ᠵᠦᠢᠯ  ᠰᠦᠯᠵᠢᠶ᠎ᠡ᠂ ᠷᠠᠳᠢᠤ᠋᠂ ᠲᠧᠯᠸᠢᠰ᠂ ᠰᠣᠨᠢᠨ ᠰᠡᠳᠭᠦᠯ᠂ ᠤᠬᠠᠭᠤᠯᠭ᠎ᠠ᠎ᠶᠢᠨ ᠬᠠᠭᠤᠳᠠᠰᠤ᠂ ᠨᠣᠮ ᠪᠢᠴᠢᠭ ᠵᠡᠷᠭᠡ᠎ᠪᠡᠷ ᠪᠤᠶᠤ ᠲᠠᠢᠯᠤᠮᠵᠢ᠂ ᠶᠠᠷᠢᠶᠠᠨ᠎ᠤ ᠲᠠᠪᠴᠠᠩ᠂ ᠮᠡᠳᠡᠭᠦᠯᠦᠯᠲᠡ᠎ᠶᠢᠨ ᠬᠤᠷᠠᠯ᠂ ᠶᠠᠷᠢᠯᠴᠠᠬᠤ ᠬᠤᠷᠠᠯ ᠵᠡᠷᠭᠡ ᠬᠡᠯᠪᠡᠷᠢ᠎ᠶᠢ ᠠᠱᠢᠭᠯᠠᠵᠤ᠂ ᠳᠣᠤᠷᠠᠬᠢ ᠦᠢᠯᠡ ᠠᠵᠢᠯᠯᠠᠭ᠎ᠠ᠎ᠶᠢᠨ ᠨᠢᠭᠡ᠎ᠶᠢ ᠬᠢᠭᠰᠡᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠄

  (ᠨᠢᠭᠡ) ᠳᠥᠷᠪᠡᠨ ᠦᠨᠳᠦᠰᠦᠨ ᠵᠠᠷᠴᠢᠮ᠎ᠢ ᠵᠥᠷᠢᠴᠡᠭᠰᠡᠨ᠂ ᠨᠠᠮ᠎ᠤᠨ ᠥᠭᠡᠷᠡᠴᠢᠯᠡᠯᠲᠡ ᠨᠡᠭᠡᠭᠡᠯᠲᠡ᠎ᠶᠢᠨ ᠱᠢᠢᠳᠪᠦᠷᠢᠲᠦ ᠪᠣᠳᠤᠯᠭ᠎ᠠ᠎ᠶᠢ ᠵᠥᠷᠢᠴᠡᠭᠰᠡᠨ᠂ ᠭᠠᠵᠢᠭᠤᠳᠠᠭᠤᠯᠤᠭᠰᠠᠨ ᠪᠤᠶᠤ ᠪᠤᠰᠤᠳ ᠬᠦᠨᠳᠦ ᠨᠣᠴᠢᠲᠠᠢ ᠤᠯᠤᠰ ᠲᠥᠷᠦ᠎ᠶᠢᠨ ᠠᠰᠠᠭᠤᠳᠠᠯ᠎ᠲᠠᠢ ᠵᠣᠬᠢᠶᠠᠯ᠂ ᠶᠠᠷᠢᠶ᠎ᠠ᠂ ᠲᠤᠩᠬᠠᠭ᠂ ᠢᠯᠡᠷᠬᠡᠢᠯᠡᠯᠲᠡ ᠵᠡᠷᠭᠡ᠎ᠶᠢ ᠢᠯᠡ᠎ᠪᠡᠷ ᠨᠡᠢᠲᠡᠯᠡᠭᠰᠡᠨ;

  (ᠬᠣᠶᠠᠷ) ᠨᠠᠮ᠎ᠤᠨ ᠲᠥᠪ ᠬᠣᠷᠢᠶᠠᠨ᠎ᠤ ᠦᠨᠳᠦᠰᠦᠨ ᠪᠣᠳᠤᠯᠭ᠎ᠠ ᠴᠢᠭᠯᠡᠯᠲᠡ᠎ᠶᠢ ᠳᠤᠷ᠎ᠠ᠎ᠪᠠᠷ᠎ᠢᠶᠠᠨ ᠶᠠᠷᠢᠵᠤ᠂ ᠨᠠᠮ᠎ᠤᠨ ᠲᠥᠪᠯᠡᠷᠡᠩᠭᠦᠢ ᠨᠢᠭᠡᠳᠦᠯᠲᠡᠢ ᠪᠠᠢᠬᠤ᠎ᠶᠢ ᠡᠪᠳᠡᠭᠰᠡᠨ;

  (ᠭᠤᠷᠪᠠ) ᠨᠠᠮ ᠪᠣᠯᠤᠨ ᠤᠯᠤᠰ᠎ᠤᠨ ᠳᠦᠷᠢ ᠲᠥᠷᠬᠦ᠎ᠶᠢ ᠮᠠᠭᠤᠯᠠᠭᠰᠠᠨ ᠪᠤᠶᠤ ᠨᠠᠮ ᠪᠣᠯᠤᠨ ᠲᠥᠷᠦ᠎ᠶᠢᠨ ᠤᠳᠤᠷᠢᠳᠭᠤ ᠬᠥᠮᠦᠨ᠂ ᠪᠠᠭᠠᠲᠤᠷ ᠵᠢᠱ᠌ᠢᠶᠡᠴᠢ᠎ᠶᠢ ᠮᠠᠭᠤᠱᠢᠶᠠᠵᠤ ᠭᠦᠳᠬᠡᠭᠰᠡᠨ ᠪᠤᠶᠤ ᠨᠠᠮ᠎ᠤᠨ ᠲᠡᠦᠬᠡ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠦᠬᠡ᠂ ᠠᠷᠠᠳ᠎ᠤᠨ ᠴᠡᠷᠢᠭ ᠠᠩᠭᠢ᠎ᠶᠢᠨ ᠲᠡᠦᠬᠡ᠎ᠶᠢ ᠭᠠᠵᠢᠭᠤᠳᠠᠭᠤᠯᠤᠭᠰᠠᠨ᠃

  ᠡᠮᠦᠨᠡᠬᠢ ᠪᠠᠳᠠᠭ᠎ᠲᠤ ᠵᠢᠭᠰᠠᠭᠠᠭᠰᠠᠨ ᠠᠭᠤᠯᠭ᠎ᠠ᠎ᠶᠢ ᠵᠠᠷᠯᠠᠭᠰᠠᠨ᠂ ᠨᠡᠪᠲᠡᠷᠡᠭᠦᠯᠦᠭᠰᠡᠨ᠂ ᠨᠡᠢᠲᠡᠯᠡᠭᠰᠡᠨ᠂ ᠬᠡᠪᠯᠡᠭᠰᠡᠨ ᠪᠤᠶᠤ ᠳᠡᠭᠡᠷ᠎ᠡ ᠶᠠᠷᠢᠭᠰᠠᠨ ᠦᠢᠯᠡ ᠠᠵᠢᠯᠯᠠᠭ᠎ᠠ᠎ᠳᠤ ᠳᠥᠭᠦᠮ ᠨᠥᠬᠦᠴᠡᠯ ᠬᠠᠩᠭᠠᠭᠰᠠᠨ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠴᠢᠩᠭ᠎ᠠ ᠳᠣᠩᠭᠤᠳᠭᠤ ᠪᠤᠶᠤ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠳᠥᠴᠢᠨ ᠳᠣᠯᠤᠳᠤᠭᠠᠷ ᠵᠦᠢᠯ  ᠳᠥᠴᠢᠨ ᠲᠠᠪᠤᠳᠤᠭᠠᠷ ᠵᠦᠢᠯ᠂ ᠳᠥᠴᠢᠨ ᠵᠢᠷᠭᠤᠳᠤᠭᠠᠷ ᠵᠦᠢᠯ᠎ᠳᠦ ᠵᠢᠭᠰᠠᠭᠠᠭᠰᠠᠨ ᠠᠭᠤᠯᠭ᠎ᠠ᠎ᠶᠢᠨ ᠨᠢᠭᠡ᠎ᠨᠢ ᠪᠠᠢᠬᠤ ᠨᠣᠮ ᠰᠡᠳᠭᠦᠯ᠂ ᠳᠠᠭᠤ ᠳᠦᠷᠰᠦ ᠱᠢᠩᠭᠡᠭᠡᠯᠲᠡ᠎ᠶᠢᠨ ᠦᠢᠯᠡᠳᠬᠦᠨ᠂ ᠡᠯᠧᠺᠲᠷᠤᠨ ᠤᠩᠱᠢᠬᠤ ᠪᠢᠴᠢᠭ᠂ ᠰᠦᠯᠵᠢᠶᠡᠨ᠎ᠦ ᠳᠠᠭᠤ ᠳᠦᠷᠰᠦ ᠱᠢᠩᠭᠡᠭᠡᠯᠲᠡ᠎ᠶᠢᠨ ᠮᠠᠲᠧᠷᠢᠶᠠᠯ ᠵᠡᠷᠭᠡ᠎ᠶᠢ ᠦᠢᠯᠡᠳᠴᠦ᠂ ᠫᠠᠨᠽᠠᠯᠠᠨ ᠬᠤᠳᠠᠯᠳᠤᠵᠤ᠂ ᠳᠠᠮᠵᠢᠭᠤᠯᠤᠨ ᠲᠠᠷᠬᠠᠭᠠᠭᠰᠠᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠳᠥᠴᠢᠨ ᠲᠠᠪᠤᠳᠤᠭᠠᠷ ᠵᠦᠢᠯ᠂ ᠳᠥᠴᠢᠨ ᠵᠢᠷᠭᠤᠳᠤᠭᠠᠷ ᠵᠦᠢᠯ᠎ᠳᠦ ᠵᠢᠭᠰᠠᠭᠠᠭᠰᠠᠨ ᠠᠭᠤᠯᠭ᠎ᠠ᠎ᠶᠢᠨ ᠨᠢᠭᠡ᠎ᠨᠢ ᠪᠠᠢᠬᠤ ᠨᠣᠮ ᠰᠡᠳᠭᠦᠯ᠂ ᠳᠠᠭᠤ ᠳᠦᠷᠰᠦ ᠱᠢᠩᠭᠡᠭᠡᠯᠲᠡ᠎ᠶᠢᠨ ᠦᠢᠯᠡᠳᠬᠦᠨ᠂ ᠡᠯᠧᠺᠲᠷᠤᠨ ᠤᠩᠱᠢᠬᠤ ᠪᠢᠴᠢᠭ ᠵᠡᠷᠭᠡ᠎ᠶᠢ ᠳᠤᠷ᠎ᠠ᠎ᠪᠠᠷ ᠠᠪᠴᠤ ᠶᠠᠪᠤᠬᠤ ᠪᠤᠶᠤ ᠢᠯᠡᠬᠡᠨ ᠭᠤᠪᠢᠭᠤᠯᠤᠭᠰᠠᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠳᠥᠴᠢᠨ ᠨᠠᠢ᠍ᠮᠠᠳᠤᠭᠠᠷ ᠵᠦᠢᠯ  ᠨᠠᠮ᠎ᠤᠨ ᠳᠣᠲᠤᠭᠠᠳᠤ᠎ᠳᠤ ᠨᠢᠭᠤᠴᠠ ᠪᠦᠯᠦᠭᠯᠡᠯ ᠵᠣᠬᠢᠶᠠᠨ ᠪᠠᠢᠭᠤᠯᠬᠤ ᠪᠤᠶᠤ ᠨᠠᠮ᠎ᠢ ᠬᠠᠭᠠᠴᠠᠭᠤᠯᠬᠤ ᠪᠤᠰᠤᠳ ᠠᠵᠢᠯᠯᠠᠭ᠎ᠠ᠎ᠶᠢ ᠵᠣᠬᠢᠶᠠᠨ ᠪᠠᠢᠭᠤᠯᠤᠭᠰᠠᠨ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠨᠢᠭᠤᠴᠠ ᠪᠦᠯᠦᠭᠯᠡᠯ᠎ᠳᠦ ᠣᠷᠤᠯᠴᠠᠬᠤ ᠪᠤᠶᠤ ᠨᠠᠮ᠎ᠢ ᠬᠠᠭᠠᠴᠠᠭᠤᠯᠬᠤ ᠪᠤᠰᠤᠳ ᠠᠵᠢᠯᠯᠠᠭ᠎ᠠ᠎ᠳᠤ ᠣᠷᠤᠯᠴᠠᠭᠰᠠᠨ ᠪᠤᠯ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠳᠦᠴᠢ ᠶᠢᠰᠦᠳᠦᠭᠡᠷ ᠵᠦᠢᠯ  ᠨᠠᠮ᠎ᠤᠨ ᠳᠣᠲᠤᠭᠠᠳᠤ᠎ᠳᠤ ᠡᠪᠰᠡᠯ ᠪᠦᠯᠦᠭ ᠪᠠᠢᠭᠤᠯᠬᠤ᠂ ᠨᠠᠮ ᠰᠦᠯᠪᠡᠭᠡ ᠪᠠᠢᠭᠤᠯᠵᠤ ᠬᠤᠪᠢ᠎ᠶᠢᠨ ᠠᠱᠢᠭ᠎ᠢᠶᠠᠨ ᠬᠥᠭᠡᠭᠡᠴᠡᠯᠳᠦᠬᠦ᠂ ᠠᠢᠮᠠᠭᠯᠠᠨ ᠪᠦᠯᠦᠭᠯᠡᠬᠦ᠂ ᠬᠤᠪᠢ᠎ᠶᠢᠨ ᠬᠦᠴᠦᠨ᠎ᠢ ᠪᠣᠢᠵᠢᠭᠤᠯᠬᠤ ᠵᠡᠷᠭᠡ ᠵᠣᠬᠢᠶᠠᠨ ᠪᠠᠢᠭᠤᠯᠤᠯᠲᠠ᠎ᠶᠢᠨ ᠪᠤᠰᠤ ᠠᠵᠢᠯᠯᠠᠭ᠎ᠠ ᠬᠢᠬᠦ ᠪᠤᠶᠤ ᠠᠱᠢᠭ ᠲᠤᠰᠠ᠎ᠶᠢᠨ ᠰᠣᠯᠢᠯᠴᠠᠭ᠎ᠠ ᠬᠢᠬᠦ᠂ ᠪᠡᠶ᠎ᠡ᠎ᠳᠦ᠎ᠪᠡᠨ ᠰᠦᠷ ᠬᠦᠴᠦᠨ ᠪᠣᠢ ᠪᠣᠯᠭᠠᠬᠤ ᠵᠡᠷᠭᠡ ᠠᠵᠢᠯᠯᠠᠭ᠎ᠠ᠎ᠪᠠᠷ ᠳᠠᠮᠵᠢᠭᠤᠯᠵᠤ ᠤᠯᠤᠰ ᠲᠥᠷᠦ᠎ᠶᠢᠨ ᠬᠥᠷᠦᠩᠭᠡ ᠬᠣᠨᠵᠢᠭᠰᠠᠨ ᠪᠠᠢᠪᠠᠯ᠂ ᠴᠢᠩᠭ᠎ᠠ ᠳᠣᠩᠭᠤᠳᠭᠤ ᠪᠤᠶᠤ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ; ᠲᠤᠰ ᠭᠠᠵᠠᠷ ᠣᠷᠤᠨ᠂ ᠲᠤᠰ ᠰᠠᠯᠠᠭ᠎ᠠ ᠮᠥᠴᠢᠷ᠂ ᠲᠤᠰ ᠪᠠᠢᠭᠤᠯᠭ᠎ᠠ ᠨᠢᠭᠡᠴᠢ᠎ᠶᠢᠨ ᠤᠯᠤᠰ ᠲᠥᠷᠦ᠎ᠶᠢᠨ ᠠᠮᠢ ᠠᠬᠤᠢ᠎ᠶᠢ ᠮᠠᠭᠤᠳᠠᠭᠤᠯᠤᠭᠰᠠᠨ ᠪᠤᠯ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠲᠠᠪᠢᠳᠤᠭᠠᠷ ᠵᠦᠢᠯ   ᠨᠠᠮ᠎ᠤᠨ ᠭᠡᠱᠢᠭᠦᠨ ᠤᠳᠤᠷᠢᠳᠭᠤ ᠺᠠᠳ᠋ᠷ ᠵᠠᠰᠠᠭ᠎ᠪᠠᠷᠢᠵᠤ ᠪᠠᠢᠭ᠎ᠠ ᠭᠠᠵᠠᠷ ᠣᠷᠤᠨ᠎ᠳᠤ᠎ᠪᠠᠨ ᠪᠤᠶᠤ ᠬᠤᠪᠢᠲᠠᠨ ᠬᠠᠮᠢᠶᠠᠷᠴᠤ ᠪᠠᠢᠭ᠎ᠠ ᠰᠠᠯᠠᠭ᠎ᠠ ᠮᠥᠴᠢᠷ᠎ᠲᠦ ᠥᠪᠡᠷ᠎ᠦᠨ ᠰᠠᠨᠠᠭ᠎ᠠ᠎ᠪᠠᠷ᠎ᠢᠶᠠᠨ ᠤᠴᠢᠷ ᠶᠠᠪᠤᠳᠠᠯ ᠬᠢᠵᠦ᠂ ᠪᠦᠯᠦᠭᠴᠢᠯᠡᠯ᠎ᠦᠨ ᠦᠵᠡᠯ ᠶᠠᠪᠤᠭᠤᠯᠵᠤ᠂ ᠨᠠᠮ᠎ᠤᠨ ᠲᠥᠪ ᠬᠣᠷᠢᠶᠠᠨ᠎ᠤ ᠲᠣᠭᠲᠠᠭᠠᠭᠰᠠᠨ ᠴᠢᠭᠯᠡᠯᠲᠡ ᠪᠣᠳᠤᠯᠭ᠎ᠠ᠎ᠶᠢ ᠭᠦᠢᠴᠡᠳᠬᠡᠬᠦ᠎ᠶᠢ ᠲᠡᠪᠴᠢᠵᠦ᠂ ᠴᠢᠨᠠᠭᠱᠢᠯᠠᠨ ᠨᠠᠮ᠎ᠤᠨ ᠲᠥᠪ ᠬᠣᠷᠢᠶ᠎ᠠ᠎ᠠᠴᠠ ᠳᠠᠯᠳᠠᠭᠤᠷ ᠠᠰᠲᠠᠭᠠᠨ ᠦᠢᠯᠡᠳᠦᠭᠰᠡᠨ ᠪᠠᠢᠪᠠᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠨᠠᠮ᠎ᠤᠨ ᠲᠥᠪ ᠬᠣᠷᠢᠶᠠᠨ᠎ᠤ ᠱᠢᠢᠳᠪᠦᠷᠢᠲᠦ ᠪᠣᠳᠤᠯᠭ᠎ᠠ ᠪᠠᠢᠷᠢᠯᠠᠭᠤᠯᠤᠯᠲᠠ᠎ᠶᠢ ᠨᠠᠢᠳᠠᠪᠤᠷᠢᠵᠢᠭᠤᠯᠤᠭᠰᠠᠨ᠎ᠢᠶ᠋ᠠᠷ ᠡᠷᠡᠰ ᠴᠢᠩᠭ᠎ᠠ ᠪᠤᠰᠤ᠂ ᠨᠤᠭᠤᠯᠤᠨ ᠰᠠᠭᠤᠳᠭᠠᠵᠤ᠂ ᠬᠡᠯᠪᠡᠷᠢ᠎ᠶᠢ᠎ᠨᠢ ᠬᠤᠪᠢᠷᠠᠭᠤᠯᠵᠤ᠂ ᠤᠯᠤᠰ ᠲᠥᠷᠦ ᠳᠡᠭᠡᠷ᠎ᠡ ᠮᠠᠭᠤ ᠨᠥᠯᠦᠭᠡ ᠭᠠᠷᠭᠠᠭᠰᠠᠨ ᠪᠤᠶᠤ ᠬᠦᠨᠳᠦ ᠨᠣᠴᠢᠲᠠᠢ ᠦᠷ᠎ᠡ ᠳ᠋ᠦᠩ ᠭᠠᠷᠭᠠᠭᠰᠠᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠲᠠᠪᠢᠨ ᠨᠢᠭᠡᠳᠦᠭᠡᠷ ᠵᠦᠢᠯ  ᠨᠠᠮ᠎ᠳᠤ ᠦᠨᠡᠨᠴᠢ ᠱᠢᠳᠤᠷᠭᠤ ᠪᠤᠰᠤ᠂ ᠬᠡᠯᠡᠵᠦ ᠬᠢᠬᠦ᠎ᠨᠢ ᠨᠢᠭᠡᠳᠦᠯ᠎ᠦᠭᠡᠢ᠂ ᠢᠯᠡ᠎ᠪᠡᠷ ᠳᠠᠭᠠᠵᠤ ᠳᠠᠯᠳᠠᠭᠤᠷ ᠵᠥᠷᠢᠴᠡᠵᠦ᠂ ᠳᠡᠭᠡᠷᠡᠬᠢ᠎ᠪᠡᠨ ᠮᠡᠬᠡᠯᠡᠵᠦ ᠳᠣᠤᠷᠠᠬᠢ᠎ᠪᠠᠨ ᠬᠠᠭᠤᠷᠴᠤ᠂ ᠬᠣᠶᠠᠷ ᠨᠢᠭᠤᠷᠳᠠᠨ᠎ᠤ ᠪᠦᠯᠦᠭ ᠪᠠᠢᠭᠤᠯᠵᠤ᠂ ᠬᠣᠶᠠᠷ ᠨᠢᠭᠤᠷᠳᠠᠨ ᠪᠤᠯᠤᠭᠰᠠᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠲᠠᠪᠢᠨ ᠬᠣᠶᠠᠳᠤᠭᠠᠷ ᠵᠦᠢᠯ  ᠤᠯᠤᠰ ᠲᠥᠷᠦ᠎ᠶᠢᠨ ᠴᠤᠤᠷᠬᠠᠯ ᠵᠣᠬᠢᠶᠠᠵᠤ᠂ ᠲᠠᠷᠬᠠᠭᠠᠵᠤ᠂ ᠳᠠᠮᠵᠢᠭᠤᠯᠵᠤ᠂ ᠨᠠᠮ᠎ᠤᠨ ᠪᠦᠯᠬᠦᠮᠳᠡᠯ ᠨᠢᠭᠡᠳᠦᠯ ᠎ᠢ ᠡᠪᠳᠡᠭᠰᠡᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠤᠯᠤᠰ ᠲᠥᠷᠦ᠎ᠶᠢᠨ ᠵᠠᠩ ᠰᠤᠷᠲᠠᠯ ᠮᠠᠭᠤ᠂᠎ᠨᠡᠷ᠎ᠡ᠎ᠪᠡᠨ ᠨᠢᠭᠤᠨ ᠭᠦᠳᠬᠡᠨ ᠵᠠᠭᠠᠯᠳᠤᠵᠤ᠂ ᠵᠣᠷᠢᠭᠤᠳᠠ ᠭᠦᠳᠬᠡᠨ ᠬᠣᠤᠷᠯᠠᠬᠤ ᠪᠤᠶᠤ ᠪᠤᠰᠤᠳ ᠴᠤᠤᠷᠬᠠᠯ ᠵᠣᠬᠢᠶᠠᠵᠤ᠂ ᠬᠣᠬᠢᠷᠠᠯ ᠪᠤᠶᠤ ᠮᠠᠭᠤ ᠨᠥᠯᠦᠭᠡ ᠭᠠᠷᠭᠠᠭᠰᠠᠨ ᠪᠠᠢᠪᠠᠯ᠂ ᠡᠮᠦᠨᠡᠬᠢ ᠪᠠᠳᠠᠭ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠲᠠᠪᠢᠨ ᠭᠤᠷᠪᠠᠳᠤᠭᠠᠷ ᠵᠦᠢᠯ  ᠨᠠᠮ᠎ᠤᠨ ᠲᠥᠪ ᠬᠣᠷᠢᠶᠠᠨ᠎ᠤ ᠲᠣᠭᠲᠠᠭᠠᠬᠤ ᠶᠣᠰᠤᠲᠠᠢ ᠴᠢᠬᠤᠯᠠ ᠶᠡᠬᠡ ᠲᠥᠷᠦ᠎ᠶᠢᠨ ᠪᠣᠳᠤᠯᠭ᠎ᠠ᠎ᠶᠢᠨ ᠠᠰᠠᠭᠤᠳᠠᠯ᠎ᠳᠤ ᠳᠤᠷ᠎ᠠ᠎ᠪᠠᠷ ᠱᠢᠢᠳᠪᠦᠷᠢ ᠭᠠᠷᠭᠠᠵᠤ᠂ ᠭᠠᠳᠠᠭᠱᠢ᠎ᠪᠠᠨ ᠵᠣᠷᠢᠯᠲᠠ᠎ᠪᠠᠨ ᠨᠡᠢᠲᠡᠯᠡᠭᠰᠡᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠴᠢᠩᠭ᠎ᠠ ᠳᠣᠩᠭᠤᠳᠭᠤ ᠪᠤᠶᠤ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠲᠠᠪᠢᠨ ᠳᠥᠷᠪᠡᠳᠦᠭᠡᠷ ᠵᠦᠢᠯ  ᠬᠠᠮᠢᠶ᠎ᠠ ᠪᠦᠬᠦᠢ ᠲᠣᠭᠲᠠᠭᠠᠯ ᠶᠣᠰᠤᠭᠠᠷ ᠴᠢᠬᠤᠯᠠ ᠶᠡᠬᠡ ᠵᠦᠢᠯᠡᠰ ᠎ᠢ ᠵᠣᠬᠢᠶᠠᠨ ᠪᠠᠢᠭᠤᠯᠤᠯᠲᠠ᠎ᠠᠴᠠ ᠵᠢᠭᠠᠪᠤᠷᠢ ᠠᠪᠤᠭᠰᠠᠨ᠎ᠦᠭᠡᠢ᠂ ᠴᠢᠬᠤᠯᠠ ᠶᠡᠬᠡ ᠶᠠᠪᠤᠳᠠᠯ ᠤᠴᠢᠷ ᠎ᠢ ᠮᠡᠳᠡᠭᠦᠯᠦᠭᠰᠡᠨ᠎ᠦᠭᠡᠢ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ᠃

  ᠲᠠᠪᠢᠨ ᠲᠠᠪᠤᠳᠤᠭᠠᠷ ᠵᠦᠢᠯ  ᠲᠣᠭᠤᠷᠢᠨ ᠪᠠᠢᠴᠠᠭᠠᠬᠤ ᠴᠠᠭᠳᠠᠨ ᠪᠠᠢᠴᠠᠭᠠᠬᠤ ᠠᠵᠢᠯ᠎ᠢ ᠬᠠᠷᠱᠢᠯᠠᠬᠤ ᠪᠤᠶᠤ ᠲᠣᠭᠤᠷᠢᠨ ᠪᠠᠢᠴᠠᠭᠠᠵᠤ ᠴᠠᠭᠳᠠᠨ ᠪᠠᠢᠴᠠᠭᠠᠳ ᠬᠠᠯᠠᠨ ᠰᠠᠢᠵᠢᠷᠠᠭᠤᠯᠬᠤ᠎ᠪᠠᠷ ᠱᠠᠭᠠᠷᠳᠠᠭᠰᠠᠨ ᠱᠠᠭᠠᠷᠳᠠᠯᠭ᠎ᠠ᠎ᠶᠢ ᠨᠠᠢᠳᠠᠪᠤᠷᠢᠵᠢᠭᠤᠯᠤᠭᠰᠠᠨ᠎ᠦᠭᠡᠢ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠲᠠᠪᠢᠨ ᠵᠢᠷᠭᠤᠳᠤᠭᠠᠷ ᠵᠦᠢᠯ  ᠵᠣᠬᠢᠶᠠᠨ ᠪᠠᠢᠭᠤᠯᠤᠯᠲᠠ᠎ᠶᠢᠨ ᠬᠢᠨᠠᠨ ᠪᠠᠢᠴᠠᠭᠠᠬᠤ᠎ᠲᠠᠢ ᠡᠰᠡᠷᠭᠦᠴᠡᠯᠳᠦᠵᠦ᠂ ᠳᠣᠤᠷᠠᠬᠢ ᠦᠢᠯᠡ ᠠᠵᠢᠯᠯᠠᠭ᠎ᠠ᠎ᠶᠢᠨ ᠨᠢᠭᠡ᠎ᠶᠢ ᠬᠢᠭᠰᠡᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠄

  (ᠨᠢᠭᠡ) ᠥᠴᠢᠭ ᠨᠡᠪᠲᠡᠷᠡᠯᠴᠡᠭᠰᠡᠨ ᠪᠤᠶᠤ ᠭᠡᠷᠡᠴᠢ᠎ᠪᠠᠷᠢᠮᠲᠠ᠎ᠶᠢ ᠬᠠᠭᠤᠷᠮᠠᠭᠯᠠᠨ ᠵᠣᠬᠢᠶᠠᠭᠰᠠᠨ᠂ ᠤᠰᠠᠳᠭᠠᠭᠰᠠᠨ᠂ ᠱᠢᠯᠵᠢᠭᠦᠯᠦᠭᠰᠡᠨ᠂ ᠨᠢᠭᠤᠵᠤ ᠳᠠᠯᠳᠠᠯᠠᠭᠰᠠᠨ;

  (ᠬᠣᠶᠠᠷ) ᠪᠤᠰᠤᠳ ᠬᠦ᠋ᠮᠦᠨ᠎ᠦ ᠢᠯᠡᠴᠢᠯᠡᠵᠦ ᠵᠠᠭᠠᠯᠳᠤᠬᠤ᠂ ᠭᠡᠷᠡᠴᠢ᠎ᠪᠠᠷᠢᠮᠲᠠ ᠮᠠᠲᠧᠷᠢᠶᠠᠯ ᠬᠠᠩᠭᠠᠬᠤ᠎ᠶᠢ ᠬᠣᠷᠢᠭᠯᠠᠭᠰᠠᠨ;

  (ᠭᠤᠷᠪᠠ) ᠬᠠᠮᠲᠤ ᠬᠡᠷᠡᠭᠲᠡᠨ᠎ᠢᠶᠡᠨ ᠥᠮᠦᠭᠯᠡᠭᠰᠡᠨ;

  (ᠳᠥᠷᠪᠡ) ᠵᠣᠬᠢᠶᠠᠨ ᠪᠠᠢᠭᠤᠯᠤᠯᠲᠠ᠎ᠳᠤ ᠬᠤᠳᠠᠯ ᠬᠠᠭᠤᠷᠮᠠᠭ ᠪᠠᠢᠳᠠᠯ ᠬᠠᠩᠭᠠᠵᠤ᠂ ᠪᠣᠳᠠᠲᠤ ᠬᠡᠷᠡᠭ ᠎ᠢ ᠳᠠᠯᠳᠠᠯᠠᠭᠰᠠᠨ;

  (ᠲᠠᠪᠤ) ᠵᠣᠬᠢᠶᠠᠨ ᠪᠠᠢᠭᠤᠯᠤᠯᠲᠠ᠎ᠶᠢᠨ ᠬᠢᠨᠠᠨ ᠪᠠᠢᠴᠠᠭᠠᠬᠤ᠎ᠶᠢ ᠡᠰᠡᠷᠭᠦᠴᠡᠭᠰᠡᠨ ᠪᠤᠰᠤᠳ ᠦᠢᠯᠡ ᠠᠵᠢᠯᠯᠠᠭ᠎ᠠ ᠬᠢᠭᠰᠡᠨ᠃

  ᠲᠠᠪᠢᠨ ᠳᠣᠯᠤᠳᠤᠭᠠᠷ ᠵᠦᠢᠯ  ᠨᠠᠮ᠎ᠤᠨ ᠦᠨᠳᠦᠰᠦᠨ ᠣᠨᠤᠯ᠂ ᠦᠨᠳᠦᠰᠦᠨ ᠱᠤᠭᠤᠮ᠂ ᠦᠨᠳᠦᠰᠦᠨ ᠠᠷᠭ᠎ᠠ ᠪᠣᠳᠤᠯᠭ᠎ᠠ ᠪᠤᠶᠤ ᠴᠢᠬᠤᠯᠠ ᠶᠡᠬᠡ ᠴᠢᠭᠯᠡᠯᠲᠡ ᠲᠥᠷᠦ᠎ᠶᠢᠨ ᠪᠣᠳᠤᠯᠭ᠎ᠠ᠎ᠶᠢ ᠡᠰᠡᠷᠭᠦᠴᠡᠬᠦ ᠴᠤᠭᠯᠠᠭᠠᠨ ᠬᠢᠬᠦ᠂ ᠰᠦᠷᠲᠦ ᠵᠢᠭᠰᠠᠭᠠᠯ ᠶᠠᠪᠤᠭᠤᠯᠬᠤ᠂ ᠰᠦᠷ ᠦᠵᠡᠭᠦᠯᠬᠦ ᠵᠡᠷᠭᠡ ᠠᠵᠢᠯᠯᠠᠭ᠎ᠠ᠎ᠶᠢ ᠵᠣᠬᠢᠶᠠᠨ ᠪᠠᠢᠭᠤᠯᠬᠤ ᠪᠠ ᠣᠷᠤᠯᠴᠠᠭᠰᠠᠨ᠂ ᠡᠰᠡᠬᠦᠯ᠎ᠡ᠎ᠲᠠᠢᠯᠤᠮᠵᠢ᠂ ᠶᠠᠷᠢᠶᠠᠨ᠎ᠤ ᠲᠠᠪᠴᠠᠩ᠂ ᠮᠡᠳᠡᠭᠦᠯᠦᠯᠲᠡ᠎ᠶᠢᠨ ᠬᠤᠷᠠᠯ᠂ ᠶᠠᠷᠢᠯᠴᠠᠬᠤ ᠬᠤᠷᠠᠯ᠎ᠢ ᠵᠣᠬᠢᠶᠠᠨ ᠪᠠᠢᠭᠤᠯᠬᠤ ᠵᠡᠷᠭᠡ ᠬᠡᠯᠪᠡᠷᠢ᠎ᠪᠡᠷ᠂ ᠨᠠᠮ᠎ᠤᠨ ᠦᠨᠳᠦᠰᠦᠨ ᠣᠨᠤᠯ᠂ ᠦᠨᠳᠦᠰᠦᠨ ᠱᠤᠭᠤᠮ᠂ ᠦᠨᠳᠦᠰᠦᠨ ᠠᠷᠭ᠎ᠠ ᠪᠣᠳᠤᠯᠭ᠎ᠠ ᠪᠤᠶᠤ ᠴᠢᠬᠤᠯᠠ ᠶᠡᠬᠡ ᠴᠢᠭᠯᠡᠯᠲᠡ ᠲᠥᠷᠦ᠎ᠶᠢᠨ ᠪᠣᠳᠤᠯᠭ᠎ᠠ᠎ᠶᠢ ᠡᠰᠡᠷᠭᠦᠴᠡᠵᠦ᠂ ᠬᠦᠨᠳᠦ ᠨᠣᠴᠢᠲᠠᠢ ᠮᠠᠭᠤ ᠨᠥᠯᠦᠭᠡ ᠭᠠᠷᠭᠠᠭᠰᠠᠨ ᠪᠠᠢᠪᠠᠯ᠂ ᠰᠠᠳᠤᠨ ᠤᠬᠠᠭᠠᠯᠠᠭᠴᠢ᠂ ᠵᠣᠬᠢᠶᠠᠨ ᠪᠠᠢᠭᠤᠯᠤᠭᠴᠢ ᠪᠣᠯᠤᠨ ᠭᠣᠤᠯᠯᠠᠭᠴᠢ ᠡᠲᠡᠭᠡᠳ᠎ᠲᠦ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠪᠤᠰᠤᠳ ᠣᠷᠤᠯᠴᠠᠭᠰᠠᠳ ᠪᠤᠶᠤ ᠮᠡᠳᠡᠭᠡ ᠵᠠᠩᠭᠢ᠂ ᠮᠠᠲᠧᠷᠢᠶᠠᠯ᠂ ᠡᠳ᠋ ᠪᠣᠳᠠᠰ᠂ ᠲᠠᠯᠠᠪᠤᠷ ᠬᠠᠩᠭᠠᠬᠤ ᠵᠡᠷᠭᠡ ᠬᠡᠯᠪᠡᠷᠢ᠎ᠪᠡᠷ ᠳᠡᠭᠡᠷ᠎ᠡ ᠶᠠᠷᠢᠭᠰᠠᠨ ᠠᠵᠢᠯᠯᠠᠭ᠎ᠠ᠎ᠶᠢ ᠳᠡᠮᠵᠢᠭᠰᠡᠳ᠎ᠢ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠦᠨᠡᠨ ᠪᠠᠢᠳᠠᠯ ᠎ᠢ ᠲᠣᠳᠤᠷᠬᠠᠢ ᠮᠡᠳᠡᠬᠦ᠎ᠦᠭᠡᠢ᠎ᠪᠡᠷ ᠬᠡᠷᠡᠭ᠎ᠲᠦ ᠬᠠᠮᠤᠷᠤᠭᠳᠠᠨ ᠣᠷᠤᠯᠴᠠᠭᠠᠳ᠂ ᠱᠢᠭᠦᠮᠵᠢᠯᠡᠨ ᠰᠤᠷᠭᠠᠬᠤ᠎ᠪᠠᠷ ᠳᠠᠮᠵᠢᠭᠠᠳ ᠦᠨᠡᠨ᠎ᠬᠦ ᠭᠡᠮᠱᠢᠨ ᠵᠠᠰᠠᠷᠠᠭᠰᠠᠨ ᠢᠯᠡᠷᠡᠯ᠎ᠲᠡᠢ ᠪᠠᠢᠪᠠᠯ᠂ ᠱᠢᠢᠳᠭᠡᠯ᠎ᠡᠴᠡ᠎ᠨᠢ ᠬᠡᠯᠲᠦᠷᠢᠭᠦᠯᠬᠦ ᠪᠤᠶᠤ ᠱᠢᠢᠳᠭᠡᠯ ᠦᠭᠬᠦ᠎ᠦᠭᠡᠢ ᠪᠠᠢᠵᠤ ᠪᠤᠯᠤᠨ᠎ᠠ᠃

  ᠵᠣᠬᠢᠶᠠᠨ ᠪᠠᠢᠭᠤᠯᠤᠯᠲᠠ᠎ᠠᠴᠠ ᠵᠥᠪᠱᠢᠶᠡᠷᠡᠯ ᠠᠪᠤᠭᠰᠠᠨ᠎ᠦᠭᠡᠢ᠎ᠪᠡᠷ ᠪᠤᠰᠤᠳ ᠴᠤᠭᠯᠠᠭᠠᠨ ᠬᠢᠬᠦ᠂ ᠰᠦᠷᠲᠦ ᠵᠢᠭᠰᠠᠭᠠᠯ ᠶᠠᠪᠤᠭᠤᠯᠬᠤ᠂ ᠰᠦᠷ ᠦᠵᠡᠭᠦᠯᠬᠦ ᠵᠡᠷᠭᠡ ᠠᠵᠢᠯᠯᠠᠭ᠎ᠠ᠎ᠳᠤ ᠣᠷᠤᠯᠴᠠᠭᠰᠠᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠲᠠᠪᠢᠨ ᠨᠠᠢ᠍ᠮᠠᠳᠤᠭᠠᠷ ᠵᠦᠢᠯ  ᠨᠠᠮ᠎ᠤᠨ ᠤᠳᠤᠷᠢᠳᠤᠯᠭ᠎ᠠ᠎ᠶᠢ ᠡᠰᠡᠷᠭᠦᠴᠡᠵᠦ᠂ ᠨᠡᠢᠭᠡᠮ ᠵᠢᠷᠤᠮᠲᠤ ᠪᠠᠢᠭᠤᠯᠤᠯ᠎ᠢ ᠡᠰᠡᠷᠭᠦᠴᠡᠬᠦ ᠪᠤᠶᠤ ᠵᠠᠰᠠᠭ᠎ᠤᠨ ᠣᠷᠳᠤᠨ᠎ᠢ ᠳᠠᠢᠰᠤᠩᠨᠠᠬᠤ ᠵᠡᠷᠭᠡ᠎ᠪᠡᠷ ᠵᠣᠷᠢᠯᠭ᠎ᠠ ᠪᠣᠯᠭᠠᠭᠰᠠᠨ ᠵᠣᠬᠢᠶᠠᠨ ᠪᠠᠢᠭᠤᠯᠤᠯᠲᠠ᠎ᠶᠢ ᠵᠣᠬᠢᠶᠠᠨ ᠪᠠᠢᠭᠤᠯᠤᠭᠰᠠᠨ ᠪᠤᠶᠤ ᠣᠷᠤᠯᠴᠠᠭᠰᠠᠨ ᠪᠠᠢᠪᠠᠯ᠂ ᠰᠠᠳᠤᠨ ᠤᠬᠠᠭᠠᠯᠠᠭᠴᠢ᠂ ᠵᠣᠬᠢᠶᠠᠨ ᠪᠠᠢᠭᠤᠯᠤᠭᠴᠢ ᠪᠣᠯᠤᠨ ᠭᠣᠤᠯᠯᠠᠭᠴᠢ ᠡᠲᠡᠭᠡᠳ᠎ᠲᠦ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠣᠷᠤᠯᠴᠠᠭᠰᠠᠨ ᠪᠤᠰᠤᠳ ᠬᠥᠮᠦᠰ᠎ᠲᠦ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠲᠠᠪᠢ ᠶᠢᠰᠦᠳᠦᠭᠡᠷ ᠵᠦᠢᠯ  ᠱᠠᠱᠢᠨ ᠰᠤᠷᠲᠠᠬᠤᠨ᠎ᠤ ᠪᠦᠯᠦᠭ ᠪᠤᠶᠤ ᠭᠠᠵᠢᠭᠤ ᠨᠣᠮᠯᠠᠯ᠎ᠤᠨ ᠵᠣᠬᠢᠶᠠᠨ ᠪᠠᠢᠭᠤᠯᠤᠯᠲᠠ᠎ᠶᠢ ᠵᠣᠬᠢᠶᠠᠨ ᠪᠠᠢᠭᠤᠯᠤᠭᠰᠠᠨ ᠪᠤᠶᠤ ᠣᠷᠤᠯᠴᠠᠭᠰᠠᠨ ᠪᠠᠢᠪᠠᠯ᠂ ᠰᠠᠳᠤᠨ ᠤᠬᠠᠭᠠᠯᠠᠭᠴᠢ᠂ ᠵᠣᠬᠢᠶᠠᠨ ᠪᠠᠢᠭᠤᠯᠤᠭᠴᠢ ᠪᠣᠯᠤᠨ ᠭᠣᠤᠯᠯᠠᠭᠴᠢ ᠡᠲᠡᠭᠡᠳ᠎ᠲᠦ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠣᠷᠤᠯᠴᠠᠭᠰᠠᠨ ᠪᠤᠰᠤᠳ ᠬᠥᠮᠦᠰ᠎ᠲᠦ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠦ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠪᠠᠢᠳᠠᠯ᠎ᠢ ᠲᠣᠳᠤᠷᠬᠠᠢ ᠮᠡᠳᠡᠬᠦ᠎ᠦᠭᠡᠢ ᠪᠠᠢᠳᠠᠯ ᠳᠣᠤᠷ᠎ᠠ ᠣᠷᠤᠯᠴᠠᠭᠰᠠᠳ᠎ᠢ ᠱᠢᠭᠦᠮᠵᠢᠯᠡᠨ ᠰᠤᠷᠭᠠᠭᠰᠠᠨ᠎ᠤ ᠳᠠᠷᠠᠭ᠎ᠠ ᠨᠡᠭᠡᠷᠡᠨ ᠭᠡᠮᠱᠢᠨ ᠵᠠᠰᠠᠷᠠᠭᠰᠠᠨ ᠢᠯᠡᠷᠡᠯ᠎ᠲᠡᠢ ᠪᠤᠯ ᠱᠢᠢᠳᠭᠡᠯ ᠦᠭᠬᠦ᠎ᠡᠴᠡ ᠬᠡᠯᠲᠦᠷᠢᠭᠦᠯᠬᠦ ᠪᠤᠶᠤ ᠱᠢᠢᠳᠭᠡᠯ ᠦᠭᠬᠦ ᠎ᠦᠭᠡᠢ ᠪᠠᠢᠵᠤ ᠪᠤᠯᠤᠨ᠎ᠠ᠃

  ᠵᠢᠷᠠᠳᠤᠭᠠᠷ ᠵᠦᠢᠯ  ᠦᠨᠳᠦᠰᠦᠲᠡᠨ᠎ᠦ ᠬᠠᠷᠢᠴᠠᠭ᠎ᠠ᠎ᠶᠢ ᠬᠠᠳᠭᠤᠨ ᠵᠠᠪᠰᠠᠷᠳᠠᠭᠤᠯᠬᠤ ᠡᠪᠳᠡᠬᠦ ᠪᠤᠶᠤ ᠬᠡᠷᠡᠭ ᠡᠳᠦᠨ ᠤᠷᠱᠢᠭ ᠲᠠᠲᠠᠵᠤ ᠦᠨᠳᠦᠰᠦᠲᠡᠨ᠎ᠢ ᠬᠠᠭᠠᠴᠠᠭᠤᠯᠬᠤ ᠠᠵᠢᠯᠯᠠᠭ᠎ᠠ᠎ᠳᠤ ᠣᠷᠤᠯᠴᠠᠭᠰᠠᠨ ᠪᠠᠢᠪᠠᠯ᠂ ᠰᠠᠳᠤᠨ ᠤᠬᠠᠭᠠᠯᠠᠭᠴᠢ᠂ ᠵᠣᠬᠢᠶᠠᠨ ᠪᠠᠢᠭᠤᠯᠤᠭᠴᠢ ᠪᠤᠶᠤ ᠭᠣᠤᠯᠯᠠᠭᠴᠢ ᠡᠲᠡᠭᠡᠳ᠎ᠲᠦ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠣᠷᠤᠯᠴᠠᠭᠰᠠᠨ ᠪᠤᠰᠤᠳ ᠬᠥᠮᠦᠰ᠎ᠲᠦ᠂ ᠦᠢᠯᠡ ᠪᠠᠢᠳᠠᠯ᠎ᠨᠢ ᠬᠥᠩᠭᠡᠨ ᠪᠤᠯ᠂ ᠳᠣᠩᠭᠤᠳᠭᠤ ᠪᠤᠶᠦ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠪᠠᠢᠳᠠᠯ ᠢ ᠲᠣᠳᠤᠷᠬᠠᠢ ᠮᠡᠳᠡᠬᠦ᠎ᠦᠭᠡᠢ ᠪᠠᠢᠳᠠᠯ ᠳᠣᠤᠷ᠎ᠠ ᠬᠠᠮᠤᠭᠳᠠᠨ ᠣᠷᠤᠯᠴᠠᠭᠰᠠᠳ᠎ᠢ ᠱᠢᠭᠦᠮᠵᠢᠯᠡᠨ ᠰᠤᠷᠭᠠᠭᠰᠠᠨ᠎ᠤ ᠳᠠᠷᠠᠭ᠎ᠠ ᠨᠡᠭᠡᠷᠡᠨ ᠭᠡᠮᠱᠢᠨ ᠵᠠᠰᠠᠷᠠᠭᠰᠠᠨ ᠢᠯᠡᠷᠡᠯ᠎ᠲᠡᠢ ᠪᠤᠯ ᠱᠢᠢᠳᠭᠡᠯ ᠦᠭᠬᠦ᠎ᠡᠴᠡ ᠬᠡᠯᠲᠦᠷᠢᠭᠦᠯᠬᠦ ᠪᠤᠶᠤ ᠱᠢᠢᠳᠭᠡᠯ ᠦᠭᠬᠦ ᠎ᠦᠭᠡᠢ ᠪᠠᠢᠵᠤ ᠪᠤᠯᠤᠨ᠎ᠠ᠃

  ᠨᠠᠮ ᠪᠠ ᠤᠯᠤᠰ᠎ᠤᠨ ᠦᠨᠳᠦᠰᠦᠲᠡᠨ᠎ᠦ ᠲᠤᠬᠠᠢ ᠲᠥᠷᠦ᠎ᠶᠢᠨ ᠪᠣᠳᠤᠯᠭ᠎ᠠ᠎ᠠᠴᠠ ᠵᠥᠷᠢᠴᠡᠭᠰᠡᠨ ᠪᠤᠰᠤᠳ ᠦᠢᠯᠡ ᠠᠵᠢᠯᠯᠠᠭ᠎ᠠ᠎ᠲᠠᠢ᠎ᠶᠢ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠢᠷᠠᠨ ᠨᠢᠭᠡᠳᠦᠭᠡᠷ ᠵᠦᠢᠯ  ᠱᠠᠱᠢᠨ ᠰᠤᠷᠲᠠᠬᠤᠨ᠎ᠤ ᠠᠵᠢᠯᠯᠠᠭ᠎ᠠ᠎ᠶᠢ ᠵᠣᠬᠢᠶᠠᠨ ᠪᠠᠢᠭᠤᠯᠵᠤ᠂ ᠠᠱᠢᠭᠯᠠᠵᠤ ᠪᠠᠢᠭᠠᠳ ᠨᠠᠮ᠎ᠤᠨ ᠱᠤᠭᠤᠮ᠂ ᠴᠢᠭᠯᠡᠯᠲᠡ᠂ ᠲᠥᠷᠦ᠎ᠶᠢᠨ ᠪᠣᠳᠤᠯᠭ᠎ᠠ ᠪᠣᠯᠤᠨ ᠱᠢᠢᠳᠪᠦᠷᠢ᠎ᠶᠢ ᠡᠰᠡᠷᠭᠦᠴᠡᠵᠦ᠂ ᠦᠨᠳᠦᠰᠦᠲᠡᠨ᠎ᠦ ᠪᠦᠯᠬᠦᠮᠳᠡᠯ ᠎ᠢ ᠡᠪᠳᠡᠭᠰᠡᠨ ᠪᠠᠢᠪᠠᠯ᠂ ᠰᠠᠳᠤᠨ ᠤᠬᠠᠭᠠᠯᠠᠭᠴᠢ᠂ ᠵᠣᠬᠢᠶᠠᠨ ᠪᠠᠢᠭᠤᠯᠤᠭᠴᠢ ᠪᠤᠶᠤ ᠭᠣᠤᠯᠯᠠᠭᠴᠢ ᠡᠲᠡᠭᠡᠳ᠎ᠲᠦ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠣᠷᠤᠯᠴᠠᠭᠰᠠᠨ ᠪᠤᠰᠤᠳ ᠬᠥᠮᠦᠰ᠎ᠲᠦ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠪᠠᠢᠳᠠᠯ ᠎ᠢ ᠲᠣᠳᠤᠷᠬᠠᠢ ᠮᠡᠳᠡᠬᠦ᠎ᠦᠭᠡᠢ ᠪᠠᠢᠳᠠᠯ ᠳᠣᠤᠷ᠎ᠠ ᠬᠠᠮᠤᠭᠳᠠᠨ ᠣᠷᠤᠯᠴᠠᠭᠰᠠᠳ ᠎ᠢ ᠱᠢᠭᠦᠮᠵᠢᠯᠡᠨ ᠰᠤᠷᠭᠠᠭᠰᠠᠨ᠎ᠤ ᠳᠠᠷᠠᠭ᠎ᠠ ᠨᠡᠭᠡᠷᠡᠨ ᠭᠡᠮᠱᠢᠨ ᠵᠠᠰᠠᠷᠠᠭᠰᠠᠨ ᠢᠯᠡᠷᠡᠯ᠎ᠲᠡᠢ ᠪᠤᠯ ᠱᠢᠢᠳᠭᠡᠯ ᠦᠭᠬᠦ᠎ᠡᠴᠡ ᠬᠡᠯᠲᠦᠷᠢᠭᠦᠯᠬᠦ ᠪᠤᠶᠤ ᠱᠢᠢᠳᠭᠡᠯ ᠦᠭᠬᠦ ᠎ᠦᠭᠡᠢ ᠪᠠᠢᠵᠤ ᠪᠤᠯᠤᠨ᠎ᠠ᠃

  ᠨᠠᠮ ᠪᠠ ᠤᠯᠤᠰ᠎ᠤᠨ ᠱᠠᠱᠢᠨ ᠰᠤᠷᠲᠠᠬᠤᠨ᠎ᠤ ᠲᠤᠬᠠᠢ ᠲᠥᠷᠦ᠎ᠶᠢᠨ ᠪᠣᠳᠤᠯᠭ᠎ᠠ᠎ᠠᠴᠠ ᠵᠥᠷᠢᠴᠡᠭᠰᠡᠨ ᠪᠤᠰᠤᠳ ᠦᠢᠯᠡ ᠠᠵᠢᠯᠯᠠᠭ᠎ᠠ᠎ᠲᠠᠢ᠎ᠶᠢ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠢᠷᠠᠨ ᠬᠣᠶᠠᠳᠤᠭᠠᠷ ᠵᠦᠢᠯ  ᠱᠠᠲᠤᠨ ᠰᠤᠷᠲᠠᠬᠤᠨ᠎ᠤ ᠰᠦᠰᠦᠭ ᠪᠢᠱᠢᠷᠡᠯ᠎ᠲᠡᠢ ᠨᠠᠮ᠎ᠤᠨ ᠭᠡᠱᠢᠭᠦᠨ᠎ᠳᠦ ᠦᠵᠡᠯ ᠰᠠᠨᠠᠭᠠᠨ᠎ᠤ ᠬᠥᠮᠦᠵᠢᠯ᠎ᠢ ᠴᠢᠩᠭᠠᠳᠭᠠᠵᠤ᠂ ᠨᠠᠮ᠎ᠤᠨ ᠵᠣᠬᠢᠶᠠᠨ ᠪᠠᠢᠭᠤᠯᠤᠯᠲᠠ᠎ᠠᠴᠠ ᠬᠠᠪᠰᠤᠷᠤᠨ ᠬᠥᠮᠦᠵᠢᠭᠦᠯᠦᠭᠰᠡᠨ ᠪᠠᠢᠲᠠᠯ᠎ᠠ ᠮᠦᠨ ᠎ᠴᠦ ᠬᠤᠪᠢᠷᠠᠬᠤ᠎ᠦᠭᠡᠢ ᠪᠤᠯ ᠢᠳᠭᠠᠨ ᠬᠡᠯᠡᠵᠦ ᠪᠠᠢᠭᠠᠳ ᠨᠠᠮ᠎ᠠᠴᠠ ᠭᠠᠷᠭᠠᠨ᠎ᠠ; ᠢᠳᠭᠠᠨ ᠬᠡᠯᠡᠭᠰᠡᠨ᠎ᠴᠦ ᠨᠠᠮ᠎ᠠᠴᠠ ᠭᠠᠷᠬᠤ᠎ᠦᠭᠡᠢ ᠪᠤᠯ ᠨᠡᠷ᠎ᠡ᠎ᠶᠢ᠎ᠨᠢ ᠬᠠᠰᠤᠨ᠎ᠠ; ᠱᠠᠱᠢᠨ ᠰᠤᠷᠲᠠᠬᠤᠨ ᠎ᠢ ᠠᠱᠢᠭᠯᠠᠨ ᠥᠳᠦᠭᠡᠬᠦ ᠠᠵᠢᠯᠯᠠᠭ᠎ᠠ ᠬᠢᠬᠦ᠎ᠳᠦ ᠣᠷᠤᠯᠴᠠᠭᠰᠠᠳ᠎ᠲᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠢᠷᠠᠨ ᠭᠤᠷᠪᠠᠳᠤᠭᠠᠷ ᠵᠦᠢᠯ   ᠮᠤᠬᠤᠷ ᠪᠢᠱᠢᠷᠡᠯ᠎ᠦᠨ ᠠᠵᠢᠯᠯᠠᠭ᠎ᠠ᠎ᠶᠢ ᠵᠣᠬᠢᠶᠠᠨ ᠪᠠᠢᠭᠤᠯᠤᠭᠰᠠᠨ ᠪᠠᠢᠪᠠᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠮᠤᠬᠤᠷ ᠪᠢᠱᠢᠷᠡᠯ᠎ᠦᠨ ᠠᠵᠢᠯᠯᠠᠭ᠎ᠠ᠎ᠳᠤ ᠣᠷᠤᠯᠴᠠᠭᠠᠳ᠂ ᠮᠠᠭᠤ ᠨᠥᠯᠦᠭᠡ ᠭᠠᠷᠭᠠᠭᠰᠠᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠪᠠᠢᠳᠠᠯ ᠎ᠢ ᠲᠣᠳᠤᠷᠬᠠᠢ ᠮᠡᠳᠡᠬᠦ᠎ᠦᠭᠡᠢ ᠪᠠᠢᠳᠠᠯ ᠳᠣᠤᠷ᠎ᠠ ᠬᠠᠮᠤᠭᠳᠠᠨ ᠣᠷᠤᠯᠴᠠᠭᠰᠠᠳ ᠎ᠢ ᠱᠢᠭᠦᠮᠵᠢᠯᠡᠨ ᠰᠤᠷᠭᠠᠭᠰᠠᠨ᠎ᠤ ᠳᠠᠷᠠᠭ᠎ᠠ ᠨᠡᠭᠡᠷᠡᠨ ᠭᠡᠮᠱᠢᠨ ᠵᠠᠰᠠᠷᠠᠭᠰᠠᠨ ᠢᠯᠡᠷᠡᠯ᠎ᠲᠡᠢ ᠪᠤᠯ ᠱᠢᠢᠳᠭᠡᠯ ᠦᠭᠬᠦ᠎ᠡᠴᠡ ᠬᠡᠯᠲᠦᠷᠢᠭᠦᠯᠬᠦ ᠪᠤᠶᠤ ᠱᠢᠢᠳᠭᠡᠯ ᠦᠭᠬᠦ ᠎ᠦᠭᠡᠢ ᠪᠠᠢᠵᠤ ᠪᠤᠯᠤᠨ᠎ᠠ᠃

  ᠵᠢᠷᠠᠨ ᠳᠥᠷᠪᠡᠳᠦᠭᠡᠷ ᠵᠦᠢᠯ  ᠲᠥᠷᠦᠯ ᠤᠭᠰᠠᠭ᠎ᠠ᠎ᠶᠢᠨ ᠬᠦᠴᠦᠨ᠎ᠢ ᠵᠣᠬᠢᠶᠠᠨ ᠪᠠᠢᠭᠤᠯᠵᠤ ᠠᠱᠢᠭᠯᠠᠨ ᠨᠠᠮ ᠪᠠ ᠵᠠᠰᠠᠭ᠎ᠤᠨ ᠣᠷᠳᠤᠨ᠎ᠲᠠᠢ ᠡᠰᠡᠷᠭᠦᠴᠡᠯᠳᠦᠵᠦ᠂ ᠨᠠᠮ ᠪᠠ ᠲᠥᠷᠦ᠎ᠶᠢᠨ ᠴᠢᠭᠯᠡᠯᠲᠡ ᠲᠥᠷᠦ᠎ᠶᠢᠨ ᠪᠣᠳᠤᠯᠭ᠎ᠠ ᠵᠢᠴᠢ ᠱᠢᠢᠳᠪᠦᠷᠢᠲᠦ ᠪᠣᠳᠤᠯᠭ᠎ᠠ᠎ᠶᠢᠨ ᠪᠠᠢᠷᠢᠯᠠᠭᠤᠯᠤᠯᠲᠠ᠎ᠶᠢ ᠬᠡᠷᠡᠭᠵᠢᠭᠦᠯᠬᠦ᠎ᠶᠢ ᠬᠠᠷᠱᠢᠯᠠᠭᠰᠠᠨ ᠪᠤᠶᠤ ᠨᠠᠮ᠎ᠤᠨ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ᠎ᠶᠢᠨ ᠴᠣᠭᠴᠠᠯᠠᠯᠲᠠ᠎ᠶᠢ ᠡᠪᠳᠡᠭᠰᠡᠨ ᠪᠠᠢᠪᠠᠯ᠂ ᠰᠠᠳᠤᠨ ᠤᠬᠠᠭᠠᠯᠠᠭᠴᠢ᠂ ᠵᠣᠬᠢᠶᠠᠨ ᠪᠠᠢᠭᠤᠯᠤᠭᠴᠢ ᠪᠤᠶᠤ ᠭᠣᠤᠯᠯᠠᠭᠴᠢ ᠡᠲᠡᠭᠡᠳ᠎ᠲᠦ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠣᠷᠤᠯᠴᠠᠭᠰᠠᠨ ᠪᠤᠰᠤᠳ ᠬᠥᠮᠦᠰ᠎ᠲᠦ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠪᠠᠢᠳᠠᠯ᠎ᠢ ᠲᠣᠳᠤᠷᠬᠠᠢ ᠮᠡᠳᠡᠬᠦ᠎ᠦᠭᠡᠢ ᠪᠠᠢᠳᠠᠯ ᠳᠣᠤᠷ᠎ᠠ ᠬᠠᠮᠤᠭᠳᠠᠨ ᠣᠷᠤᠯᠴᠠᠭᠰᠠᠳ᠎ᠢ ᠱᠢᠭᠦᠮᠵᠢᠯᠡᠨ ᠰᠤᠷᠭᠠᠭᠰᠠᠨ᠎ᠤ ᠳᠠᠷᠠᠭ᠎ᠠ ᠨᠡᠭᠡᠷᠡᠨ ᠭᠡᠮᠱᠢᠨ ᠵᠠᠰᠠᠷᠠᠭᠰᠠᠨ ᠢᠯᠡᠷᠡᠯ᠎ᠲᠡᠢ ᠪᠤᠯ ᠱᠢᠢᠳᠭᠡᠯ ᠦᠭᠬᠦ᠎ᠡᠴᠡ ᠬᠡᠯᠲᠦᠷᠢᠭᠦᠯᠬᠦ ᠪᠤᠶᠤ ᠱᠢᠢᠳᠭᠡᠯ ᠦᠭᠬᠦ ᠎ᠦᠭᠡᠢ ᠪᠠᠢᠵᠤ ᠪᠤᠯᠤᠨ᠎ᠠ᠃

  ᠵᠢᠷᠠᠨ ᠲᠠᠪᠤᠳᠤᠭᠠᠷ ᠵᠦᠢᠯ  ᠤᠯᠤᠰ᠎ᠤᠨ ᠭᠠᠳᠠᠨ᠎ᠠ (ᠬᠢᠯᠢ᠎ᠶᠢᠨ ᠭᠠᠳᠠᠨ᠎ᠠ)᠂ ᠳᠤᠮᠳᠠᠳᠤ ᠤᠯᠤᠰ᠎ᠲᠤ ᠰᠠᠭᠤᠭ᠎ᠠ ᠭᠠᠳᠠᠭᠠᠳᠤ᠎ᠶᠢᠨ ᠡᠯᠴᠢᠨ ᠰᠠᠢᠳ᠎ᠤᠨ (ᠺᠣᠨᠰᠦ᠋ᠯ᠎ᠦᠨ ᠭᠠᠵᠠᠷ) ᠶᠠᠮᠤᠨ᠎ᠳᠤ ᠤᠯᠤᠰ ᠲᠥᠷᠦ᠎ᠶᠢᠨ ᠥᠮᠦᠭᠡᠷᠡᠯᠲᠡ ᠭᠤᠶᠤᠴᠢᠯᠠᠭᠰᠠᠨ ᠪᠤᠶᠤ ᠡᠰᠡᠬᠦᠯ᠎ᠡ ᠰᠠᠬᠢᠯᠭ᠎ᠠ ᠪᠠᠲᠤ᠎ᠶᠢ ᠵᠥᠷᠢᠴᠡᠭᠰᠡᠨ᠎ᠦ ᠳᠠᠷᠠᠭ᠎ᠠ ᠤᠯᠤᠰ᠎ᠤᠨ ᠭᠠᠳᠠᠨ᠎ᠠ (ᠬᠢᠯᠢ᠎ᠶᠢᠨ ᠭᠠᠳᠠᠨ᠎ᠠ)᠂ ᠳᠤᠮᠳᠠᠳᠤ ᠤᠯᠤᠰ᠎ᠲᠤ ᠰᠠᠭᠤᠭ᠎ᠠ ᠭᠠᠳᠠᠭᠠᠳᠤ᠎ᠶᠢᠨ ᠡᠯᠴᠢᠨ ᠰᠠᠢᠳ᠎ᠤᠨ (ᠺᠣᠨᠰᠦ᠋ᠯ᠎ᠦᠨ ᠭᠠᠵᠠᠷ) ᠶᠠᠮᠤᠨ᠎ᠳᠤ ᠳᠤᠲᠠᠭᠠᠨ ᠣᠴᠢᠭᠰᠠᠨ ᠪᠠᠢᠪᠠᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠤᠯᠤᠰ᠎ᠤᠨ ᠭᠠᠳᠠᠨ᠎ᠠ (ᠬᠢᠯᠢ᠎ᠶᠢᠨ ᠭᠠᠳᠠᠨ᠎ᠠ) ᠨᠠᠮ ᠪᠠ ᠵᠠᠰᠠᠭ᠎ᠤᠨ ᠣᠷᠳᠤᠨ ᠎ᠢ ᠡᠰᠡᠷᠭᠦᠴᠡᠭᠰᠡᠨ ᠵᠣᠬᠢᠶᠠᠯ᠂ ᠶᠠᠷᠢᠶ᠎ᠠ᠂ ᠲᠤᠩᠬᠠᠭ᠂ ᠢᠯᠡᠷᠬᠡᠢᠯᠡᠯᠲᠡ ᠵᠡᠷᠭᠡ᠎ᠶᠢ ᠢᠯᠡ᠎ᠪᠡᠷ ᠨᠡᠢᠲᠡᠯᠡᠭᠰᠡᠨ ᠪᠠᠢᠪᠠᠯ᠂ ᠡᠮᠦᠨᠡᠬᠢ ᠪᠠᠳᠠᠭ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠳᠡᠭᠡᠷ᠎ᠡ ᠳᠤᠷᠠᠳᠤᠭᠰᠠᠨ ᠦᠢᠯᠡ ᠠᠵᠢᠯᠯᠠᠭ᠎ᠠ᠎ᠳᠤ ᠵᠣᠷᠢᠭᠤᠳᠠ᠎ᠪᠠᠷ ᠳᠥᠭᠦᠮ ᠨᠥᠬᠦᠴᠡᠯ ᠬᠠᠩᠭᠠᠭᠰᠠᠨ ᠪᠠᠢᠪᠠᠯ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠢᠷᠠᠨ ᠵᠢᠷᠭᠤᠳᠤᠭᠠᠷ ᠵᠦᠢᠯ  ᠭᠠᠳᠠᠭᠠᠳᠤ᠎ᠳᠤ ᠬᠣᠯᠪᠤᠭᠳᠠᠬᠤ ᠠᠵᠢᠯᠯᠠᠭ᠎ᠠ ᠳᠤᠮᠳᠠ᠂ ᠦᠭᠡ ᠶᠠᠷᠢᠶ᠎ᠠ ᠪᠣᠯᠤᠨ ᠦᠢᠯᠡ ᠠᠵᠢᠯᠯᠠᠭ᠎ᠠ᠎ᠨᠢ ᠤᠯᠤᠰ ᠲᠥᠷᠦ ᠳᠡᠭᠡᠷ᠎ᠡ ᠲᠤᠢᠯ᠎ᠤᠨ ᠮᠠᠭᠤ ᠨᠥᠯᠦᠭᠡ ᠭᠠᠷᠭᠠᠵᠤ᠂ ᠨᠠᠮ ᠪᠠ ᠤᠯᠤᠰ᠎ᠤᠨ᠎ᠨᠡᠷ᠎ᠡ ᠬᠦᠨᠳᠦ᠂ ᠠᠱᠢᠭ ᠲᠤᠰᠠ᠎ᠶᠢ ᠬᠣᠬᠢᠷᠠᠭᠤᠯᠤᠭᠰᠠᠨ ᠪᠠᠢᠪᠠᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠢᠷᠠᠨ ᠳᠣᠯᠤᠳᠤᠭᠠᠷ ᠵᠦᠢᠯ  ᠪᠦᠬᠦ ᠲᠠᠯ᠎ᠠ᠎ᠪᠠᠷ ᠨᠠᠮ ᠎ᠢ ᠴᠢᠩᠭ᠎ᠠ ᠵᠠᠰᠠᠬᠤ ᠭᠣᠤᠯ ᠴᠣᠭᠴᠠ᠎ᠶᠢᠨ ᠬᠠᠷᠢᠭᠤᠴᠠᠯᠭ᠎ᠠ᠂ ᠬᠢᠨᠠᠯᠲᠠ ᠲᠠᠯᠪᠢᠬᠤ ᠬᠠᠷᠢᠭᠤᠴᠠᠯᠭ᠎ᠠ᠎ᠪᠠᠨ ᠭᠦᠢᠴᠡᠳᠬᠡᠭᠰᠡᠨ᠎ᠦᠭᠡᠢ ᠪᠤᠶᠤ ᠪᠦᠬᠦ ᠲᠠᠯ᠎ᠠ᠎ᠪᠠᠷ ᠨᠠᠮ ᠎ᠢ ᠴᠢᠩᠭ᠎ᠠ ᠵᠠᠰᠠᠬᠤ ᠭᠣᠤᠯ ᠴᠣᠭᠴᠠ᠎ᠶᠢᠨ ᠬᠠᠷᠢᠭᠤᠴᠠᠯᠭ᠎ᠠ᠂ ᠬᠢᠨᠠᠯᠲᠠ ᠲᠠᠯᠪᠢᠬᠤ ᠬᠠᠷᠢᠭᠤᠴᠠᠯᠭ᠎ᠠ᠎ᠪᠠᠨ ᠭᠦᠢᠴᠡᠳᠬᠡᠭᠰᠡᠨ᠎ᠢᠶᠡᠷ ᠬᠦᠴᠦᠨ᠎ᠦᠭᠡᠢ ᠪᠠᠢᠵᠤ᠂ ᠨᠠᠮ᠎ᠤᠨ ᠵᠣᠬᠢᠶᠠᠨ ᠪᠠᠢᠭᠤᠯᠤᠯᠲᠠ᠎ᠳᠤ ᠬᠦᠨᠳᠦ ᠨᠣᠴᠢᠲᠠᠢ ᠬᠣᠬᠢᠷᠠᠯ ᠤᠴᠠᠷᠠᠭᠤᠯᠤᠭᠰᠠᠨ ᠪᠤᠶᠤ ᠬᠦᠨᠳᠦ ᠨᠣᠴᠢᠲᠠᠢ ᠮᠠᠭᠤ ᠨᠥᠯᠦᠭᠡ ᠭᠠᠷᠭᠠᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠠ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠦ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠵᠢᠷᠠᠨ ᠨᠠᠢ᠍ᠮᠠᠳᠤᠭᠠᠷ ᠵᠦᠢᠯ  ᠨᠠᠮ᠎ᠤᠨ ᠭᠡᠱᠢᠭᠦᠨ ᠤᠳᠤᠷᠢᠳᠭᠤ ᠺᠠᠳ᠋ᠷ ᠤᠯᠤᠰ ᠲᠥᠷᠦ᠎ᠶᠢᠨ ᠰᠠᠬᠢᠯᠭ᠎ᠠ ᠪᠠᠲᠤ ᠪᠠ ᠤᠯᠤᠰ ᠲᠥᠷᠦ᠎ᠶᠢᠨ ᠶᠣᠰᠤ ᠳᠦᠷᠢᠮ᠎ᠡᠴᠡ ᠵᠥᠷᠢᠴᠡᠭᠰᠡᠨ ᠵᠡᠷᠭᠡ ᠪᠤᠷᠤᠭᠤ ᠦᠵᠡᠯ ᠰᠠᠨᠠᠭ᠎ᠠ ᠪᠠ ᠦᠢᠯᠡ ᠠᠵᠢᠯᠯᠠᠭ᠎ᠠ᠎ᠶᠢ ᠮᠡᠳᠡᠭᠦᠯᠬᠦ᠎ᠦᠭᠡᠢ᠂ ᠡᠰᠡᠷᠭᠦᠴᠡᠬᠦ᠎ᠦᠭᠡᠢ᠂ ᠲᠡᠮᠡᠴᠡᠬᠦ᠎ᠦᠭᠡᠢ᠂ ᠬᠠᠮᠢᠶᠠᠷᠬᠤ᠎ᠦᠭᠡᠢ ᠳᠤᠷ᠎ᠠ᠎ᠪᠠᠷ᠎ᠨᠢ ᠲᠠᠯᠪᠢᠵᠤ᠂ ᠵᠠᠷᠴᠢᠮ᠎ᠦᠭᠡᠢ᠎ᠪᠡᠷ ᠡᠶ᠎ᠡ ᠡᠪ᠎ᠢ ᠡᠷᠬᠢᠮᠯᠡᠭᠰᠡᠨ᠎ᠡᠴᠡ ᠪᠣᠯᠵᠤ ᠮᠠᠭᠤ ᠨᠥᠯᠦᠭᠡ ᠭᠠᠷᠭᠠᠭᠰᠠᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠦ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠵᠢᠷᠠ ᠶᠢᠰᠦᠳᠦᠭᠡᠷ ᠵᠦᠢᠯ  ᠨᠠᠮ᠎ᠤᠨ ᠱᠢᠯᠢᠳᠡᠭ ᠤᠯᠠᠮᠵᠢᠯᠠᠯ ᠪᠣᠯᠤᠨ ᠠᠵᠢᠯ᠎ᠤᠨ ᠵᠤᠷᠱᠢᠯ ᠵᠡᠷᠭᠡ ᠨᠠᠮ᠎ᠤᠨ ᠳᠦᠷᠢᠮ ᠭᠣᠷᠢᠮ᠎ᠠᠴᠠ ᠵᠥᠷᠢᠴᠡᠵᠦ᠂ ᠤᠯᠤᠰ ᠲᠥᠷᠦ ᠳᠡᠭᠡᠷ᠎ᠡ ᠮᠠᠭᠤ ᠨᠥᠯᠦᠭᠡ ᠭᠠᠷᠭᠠᠭᠰᠠᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

 

    ᠳᠣᠯᠤᠳᠤᠭᠠᠷ ᠪᠦᠯᠦᠭ  ᠵᠣᠬᠢᠶᠠᠨ ᠪᠠᠢᠭᠤᠯᠤᠯᠲᠠ᠎ᠶᠢᠨ ᠰᠠᠬᠢᠯᠭ᠎ᠠ ᠪᠠᠲᠤ᠎ᠶᠢ ᠵᠥᠷᠢᠴᠡᠭᠰᠡᠨ ᠦᠢᠯᠡ ᠠᠵᠢᠯᠯᠠᠭ᠎ᠠ᠎ᠳᠤ ᠦᠭᠭᠦ ᠱᠢᠢᠳᠭᠡᠯ

 

  ᠳᠠᠯᠠᠳᠤᠭᠠᠷ ᠵᠦᠢᠯ  ᠠᠷᠠᠳᠴᠢᠯᠠᠯ ᠲᠥᠪᠯᠡᠷᠡᠯ᠎ᠦᠨ ᠶᠣᠰᠤᠨ᠎ᠤ ᠵᠠᠷᠴᠢᠮ᠎ᠠᠴᠠ ᠵᠥᠷᠢᠴᠡᠵᠦ᠂ ᠳᠣᠤᠷᠠᠬᠢ ᠦᠢᠯᠡ ᠠᠵᠢᠯᠯᠠᠭ᠎ᠠ᠎ᠶᠢᠨ ᠨᠢᠭᠡ᠎ᠨᠢ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠦ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠄

  (ᠨᠢᠭᠡ) ᠨᠠᠮ᠎ᠤᠨ ᠵᠣᠬᠢᠶᠠᠨ ᠪᠠᠢᠭᠤᠯᠤᠯᠲᠠ᠎ᠠᠴᠠ ᠭᠠᠷᠭᠠᠭᠰᠠᠨ ᠴᠢᠬᠤᠯᠠ ᠶᠡᠬᠡ ᠲᠣᠭᠲᠠᠭᠠᠯ ᠎ᠢ ᠬᠡᠷᠡᠭᠵᠢᠭᠦᠯᠬᠦ᠎ᠶᠢ ᠲᠡᠪᠴᠢᠭᠰᠡᠨ ᠪᠤᠶᠤ ᠳᠤᠷ᠎ᠠ᠎ᠪᠠᠷ᠎ᠢᠶᠠᠨ ᠬᠤᠪᠢᠷᠠᠭᠤᠯᠤᠭᠰᠠᠨ;

  (ᠬᠣᠶᠠᠷ) ᠤᠴᠢᠷ ᠶᠠᠪᠤᠳᠠᠯ ᠵᠥᠪᠯᠡᠬᠦ ᠳᠦᠷᠢᠮ᠎ᠡᠴᠡ ᠵᠥᠷᠢᠴᠡᠵᠦ᠂ ᠬᠤᠪᠢ ᠬᠥᠮᠦᠨ ᠪᠤᠶᠤ ᠴᠥᠭᠡᠨ ᠲᠣᠭᠠᠨ᠎ᠤ ᠬᠥᠮᠦᠨ ᠴᠢᠬᠤᠯᠠ ᠶᠡᠬᠡ ᠠᠰᠠᠭᠤᠳᠠᠯ ᠎ᠢ ᠲᠣᠭᠲᠠᠭᠠᠭᠰᠠᠨ;

  (ᠭᠤᠷᠪᠠ) ᠬᠠᠮᠲᠤ᠎ᠪᠠᠷ ᠱᠢᠢᠳᠪᠦᠷᠢᠲᠦ ᠪᠣᠳᠤᠯᠭ᠎ᠠ ᠲᠣᠭᠲᠠᠭᠠᠬᠤ᠎ᠠᠴᠠ ᠵᠣᠷᠢᠭᠤᠳᠠ ᠵᠠᠢᠯᠠᠵᠤ᠂ ᠴᠢᠬᠤᠯᠠ ᠶᠡᠬᠡ ᠤᠴᠢᠷ ᠶᠠᠪᠤᠳᠠᠯ᠂ ᠴᠢᠬᠤᠯᠠ ᠺᠠᠳ᠋ᠷ ᠎ᠢ ᠲᠣᠮᠢᠯᠠᠵᠤ ᠪᠠᠭᠤᠯᠭᠠᠬᠤ᠂ ᠴᠢᠬᠤᠯᠠ ᠲᠥᠷᠦᠯ ᠵᠦᠢᠯ ᠎ᠢ ᠲᠣᠬᠢᠷᠠᠭᠤᠯᠬᠤ ᠪᠠ ᠶᠡᠬᠡ ᠲᠣᠭᠠᠨ᠎ᠤ ᠪᠡᠯᠡ ᠮᠥᠩᠭᠦ᠎ᠶᠢᠨ ᠬᠡᠷᠡᠭᠯᠡᠯᠲᠡ᠎ᠶᠢ ᠲᠣᠭᠲᠠᠭᠠᠭᠰᠠᠨ;

  (ᠳᠥᠷᠪᠡ) ᠬᠠᠮᠲᠤ᠎ᠪᠠᠷ ᠱᠢᠢᠳᠪᠦᠷᠢᠲᠦ ᠪᠣᠳᠤᠯᠭ᠎ᠠ ᠲᠣᠭᠲᠠᠭᠠᠬᠤ᠎ᠨᠡᠷ᠎ᠡ᠎ᠪᠡᠷ ᠬᠠᠮᠲᠤ᠎ᠪᠠᠷ᠎ᠢᠶᠠᠨ ᠳᠦᠷᠢᠮ ᠲᠣᠭᠲᠠᠭᠠᠯ᠎ᠠᠴᠠ ᠵᠥᠷᠢᠴᠡᠭᠰᠡᠨ᠃

  ᠳᠠᠯᠠᠨ ᠨᠢᠭᠡᠳᠦᠭᠡᠷ ᠵᠦᠢᠯ  ᠳᠣᠤᠷ᠎ᠠ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ ᠳᠡᠭᠡᠷ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠶᠢᠨ ᠲᠣᠭᠲᠠᠭᠠᠯ ᠎ᠢ ᠬᠡᠷᠡᠭᠵᠢᠭᠦᠯᠬᠦ᠎ᠶᠢ ᠲᠡᠪᠴᠢᠭᠰᠡᠨ ᠪᠤᠶᠤ ᠳᠤᠷ᠎ᠠ᠎ᠪᠠᠷ᠎ᠢᠶᠠᠨ ᠬᠤᠪᠢᠷᠠᠭᠤᠯᠤᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠤᠶᠤ ᠱᠢᠭᠤᠳ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠳᠣᠩᠭᠤᠳᠭᠤ ᠱᠢᠢᠳᠭᠡᠯ ᠪᠤᠶᠤ ᠴᠢᠩᠭ᠎ᠠ ᠳᠣᠩᠭᠤᠳᠭᠤ ᠱᠢᠢᠳᠭᠡᠯ ᠥᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠦ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠳᠠᠯᠠᠨ ᠬᠣᠶᠠᠳᠤᠭᠠᠷ ᠵᠦᠢᠯ  ᠨᠠᠮ᠎ᠤᠨ ᠵᠣᠬᠢᠶᠠᠨ ᠪᠠᠢᠭᠤᠯᠤᠯᠲᠠ᠎ᠶᠢᠨ ᠬᠤᠪᠢᠶᠠᠷᠢᠯᠠᠯᠲᠠ᠂ ᠲᠣᠬᠢᠷᠠᠭᠤᠯᠤᠯᠲᠠ᠂ ᠰᠣᠯᠢᠯᠴᠠᠭ᠎ᠠ ᠵᠡᠷᠭᠡ ᠲᠣᠭᠲᠠᠭᠠᠯ ᠎ᠢ ᠬᠡᠷᠡᠭᠵᠢᠭᠦᠯᠬᠦ᠎ᠶᠢ ᠲᠡᠪᠴᠢᠭᠰᠡᠳ᠎ᠲᠦ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ᠃

  ᠣᠨᠴᠠᠭᠠᠢ ᠴᠠᠭ ᠦᠶ᠎ᠡ ᠪᠤᠶᠤ ᠪᠠᠴᠢᠮ ᠪᠠᠢᠳᠠᠯ ᠳᠣᠤᠷ᠎ᠠ᠂ ᠨᠠᠮ᠎ᠤᠨ ᠵᠣᠬᠢᠶᠠᠨ ᠪᠠᠢᠭᠤᠯᠤᠯᠲᠠ᠎ᠶᠢᠨ ᠲᠣᠭᠲᠠᠭᠠᠯ᠎ᠢ ᠬᠡᠷᠡᠭᠵᠢᠭᠦᠯᠬᠦ᠎ᠶᠢ ᠲᠡᠪᠴᠢᠭᠰᠡᠨ ᠪᠠᠢᠪᠠᠯ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠦ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠳᠠᠯᠠᠨ ᠭᠤᠷᠪᠠᠳᠤᠭᠠᠷ ᠵᠦᠢᠯ  ᠳᠣᠤᠷᠠᠬᠢ ᠦᠢᠯᠡ ᠠᠵᠢᠯᠯᠠᠭ᠎ᠠ᠎ᠶᠢᠨ ᠨᠢᠭᠡ᠎ᠨᠢ ᠪᠠᠢᠵᠤ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ᠄

  (ᠨᠢᠭᠡ) ᠬᠤᠪᠢ ᠬᠥᠮᠦᠨ᠎ᠦ ᠬᠣᠯᠪᠤᠭᠳᠠᠯ ᠪᠦᠬᠦᠢ ᠤᠴᠢᠷ ᠶᠠᠪᠤᠳᠠᠯ᠎ᠤᠨ᠎ᠢᠶᠠᠨ ᠲᠤᠬᠠᠢ ᠮᠡᠳᠡᠭᠦᠯᠦᠯᠲᠡ ᠬᠢᠬᠦ ᠲᠣᠭᠲᠠᠭᠠᠯ᠎ᠠᠴᠠ ᠵᠥᠷᠢᠴᠡᠵᠦ᠂ ᠨᠢᠭᠤᠭᠠᠳ ᠦᠯᠦ ᠮᠡᠳᠡᠭᠦᠯᠦᠭᠰᠡᠨ;

  (ᠬᠣᠶᠠᠷ) ᠵᠣᠬᠢᠶᠠᠨ ᠪᠠᠢᠭᠤᠯᠤᠯᠲᠠ᠎ᠠᠴᠠ ᠶᠠᠷᠢᠯᠴᠠᠬᠤ᠂ ᠵᠠᠬᠢᠳᠠᠯ᠎ᠢᠶᠠᠷ ᠠᠰᠠᠭᠤᠨ ᠯᠠᠪᠯᠠᠬᠤ ᠦᠶ᠎ᠡ᠎ᠳᠦ ᠵᠣᠬᠢᠶᠠᠨ ᠪᠠᠢᠭᠤᠯᠤᠯᠲᠠ᠎ᠳᠤ ᠠᠰᠠᠭᠤᠳᠠᠯ᠎ᠢᠶᠠᠨ ᠦᠨᠡᠨ ᠮᠦᠨ᠎ᠢᠶᠡᠷ᠎ᠨᠢ ᠬᠡᠯᠡᠵᠦ ᠲᠣᠳᠤᠷᠬᠠᠢᠯᠠᠭᠰᠠᠨ᠎ᠦᠭᠡᠢ;

  (ᠭᠤᠷᠪᠠ) ᠱᠠᠭᠠᠷᠳᠠᠯᠭ᠎ᠠ ᠶᠣᠰᠤᠭᠠᠷ ᠬᠤᠪᠢ ᠬᠥᠮᠦᠨ᠎ᠦ ᠬᠠᠮᠢᠭ᠎ᠠ ᠣᠴᠢᠭᠰᠠᠨ᠎ᠢᠶᠠᠨ ᠮᠡᠳᠡᠭᠦᠯᠦᠭᠰᠡᠨ᠎ᠦᠭᠡᠢ ᠪᠤᠶᠤ ᠦᠨᠡᠨ ᠮᠦᠨ᠎ᠢᠶᠡᠷ᠎ᠨᠢ ᠮᠡᠳᠡᠭᠦᠯᠦᠭᠰᠡᠨ᠎ᠦᠭᠡᠢ;

  (ᠳᠥᠷᠪᠡ) ᠬᠤᠪᠢ ᠬᠥᠮᠦᠨ᠎ᠦ ᠳᠠᠩᠰᠠ ᠡᠪᠬᠡᠮᠡᠯ᠎ᠦᠨ ᠮᠠᠲᠧᠷᠢᠶᠠᠯ᠎ᠢᠶᠠᠨ ᠦᠨᠡᠨ ᠮᠦᠨ᠎ᠢᠶᠡᠷ ᠪᠢᠴᠢᠵᠦ ᠮᠡᠳᠡᠭᠦᠯᠦᠭᠰᠡᠨ᠎ᠦᠭᠡᠢ᠃

  ᠬᠤᠪᠢ ᠬᠥᠮᠦᠨ᠎ᠦ ᠳᠠᠩᠰᠠ ᠡᠪᠬᠡᠮᠡᠯ᠎ᠦᠨ ᠮᠠᠲᠧᠷᠢᠶᠠᠯ᠎ᠢᠶᠠᠨ ᠥᠭᠡᠷᠡᠴᠢᠯᠡᠵᠦ᠂ ᠬᠠᠭᠤᠷᠮᠠᠭᠯᠠᠨ ᠵᠣᠬᠢᠶᠠᠭᠰᠠᠨ ᠪᠠᠢᠪᠠᠯ᠂ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠦ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠨᠠᠮ᠎ᠳᠤ ᠣᠷᠤᠬᠤ᠎ᠠᠴᠠ ᠡᠮᠦᠨᠡᠬᠢ ᠬᠦᠨᠳᠦ ᠨᠣᠴᠢᠲᠠᠢ ᠠᠯᠳᠠᠭ᠎ᠠ ᠪᠤᠷᠤᠭᠤ᠎ᠪᠠᠨ ᠨᠢᠭᠤᠭᠰᠠᠨ ᠪᠠᠢᠪᠠᠯ᠂ ᠡᠩ᠎ᠦᠨ ᠪᠠᠢᠳᠠᠯ ᠳᠣᠤᠷ᠎ᠠ᠎ᠨᠡᠷ᠎ᠡ᠎ᠶᠢ᠎ᠨᠢ ᠬᠠᠰᠤᠨ᠎ᠠ; ᠨᠠᠮ᠎ᠳᠤ ᠣᠷᠤᠭᠰᠠᠨ᠎ᠤ ᠳᠠᠷᠠᠭ᠎ᠠ ᠢᠯᠡᠷᠡᠯ᠎ᠨᠢ ᠰᠠᠢᠨ ᠪᠤᠯ ᠴᠢᠩᠭ᠎ᠠ ᠳᠣᠩᠭᠤᠳᠭᠤ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠦ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠳᠠᠯᠠᠨ ᠳᠥᠷᠪᠡᠳᠦᠭᠡᠷ ᠵᠦᠢᠯ   ᠨᠠᠮ᠎ᠤᠨ ᠭᠡᠱᠢᠭᠦᠨ ᠤᠳᠤᠷᠢᠳᠭᠤ ᠺᠠᠳ᠋ᠷ ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ᠂ ᠥᠪᠡᠷᠰᠡᠳ᠎ᠢᠶᠡᠨ ᠵᠣᠬᠢᠶᠠᠨ ᠪᠠᠢᠭᠤᠯᠤᠭᠰᠠᠨ ᠨᠤᠲᠤᠭ ᠨᠢᠭᠡᠲᠡᠨ᠎ᠦ ᠡᠪᠯᠡᠯ᠂ ᠰᠤᠷᠭᠠᠭᠤᠯᠢ᠎ᠶᠢᠨ ᠨᠠᠢᠵᠠ᠎ᠶᠢᠨ ᠡᠪᠯᠡᠯ᠂ ᠳᠠᠢᠴᠢᠨ ᠨᠥᠬᠦᠳ᠎ᠦᠨ ᠡᠪᠯᠡᠯ ᠵᠡᠷᠭᠡ᠎ᠶᠢ ᠵᠣᠬᠢᠶᠠᠨ ᠪᠠᠢᠭᠤᠯᠤᠭᠰᠠᠨ᠂ ᠣᠷᠤᠯᠴᠠᠭᠰᠠᠨ ᠪᠠᠢᠪᠠᠯ᠂ ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦ ᠪᠤᠶᠤ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠃

  ᠳᠠᠯᠠᠨ ᠲᠠᠪᠤᠳᠤᠭᠠᠷ ᠵᠦᠢᠯ   ᠳᠣᠤᠷ᠎ᠠ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ᠎ᠨᠢ ᠬᠢᠭᠰᠡᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ᠄ ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠄

  (ᠨᠢᠭᠡ) ᠠᠷᠠᠳᠴᠢᠯᠠᠯ᠎ᠢᠶᠠᠷ ᠲᠠᠨᠢᠯᠴᠠᠭᠤᠯᠬᠤ᠂ ᠠᠷᠠᠳᠴᠢᠯᠠᠯ᠎ᠢᠶᠠᠷ ᠱᠢᠯᠭᠠᠨ ᠦᠨᠡᠯᠡᠬᠦ᠂ ᠵᠣᠬᠢᠶᠠᠨ ᠪᠠᠢᠭᠤᠯᠤᠯᠲᠠ᠎ᠠᠴᠠ ᠬᠢᠨᠠᠨ ᠪᠠᠢᠴᠠᠭᠠᠬᠤ ᠪᠠ ᠨᠠᠮ᠎ᠤᠨ ᠳᠣᠲᠤᠭᠠᠳᠤ᠎ᠶᠢᠨ ᠰᠣᠩᠭᠤᠭᠤᠯᠢ᠎ᠳᠤ ᠪᠢᠯᠧᠲ ᠲᠠᠲᠠᠬᠤ᠂ ᠬᠠᠪᠰᠤᠷᠤᠨ ᠰᠣᠩᠭᠤᠬᠤ ᠵᠡᠷᠭᠡ ᠵᠣᠬᠢᠶᠠᠨ ᠪᠠᠢᠭᠤᠯᠤᠯᠲᠠ᠎ᠶᠢᠨ ᠪᠤᠰᠤ ᠠᠵᠢᠯᠯᠠᠭ᠎ᠠ ᠬᠢᠭᠰᠡᠨ;

  (ᠬᠣᠶᠠᠷ) ᠬᠠᠤᠯᠢ ᠴᠠᠭᠠᠵᠠ᠎ᠠᠴᠠ ᠲᠣᠭᠲᠠᠭᠠᠭᠰᠠᠨ ᠪᠢᠯᠧᠲ ᠦᠭᠭᠦ᠂ ᠰᠣᠩᠭᠤᠭᠤᠯᠢ᠎ᠶᠢᠨ ᠠᠵᠢᠯᠯᠠᠭ᠎ᠠ᠎ᠶᠢᠨ ᠳᠤᠮᠳᠠ ᠵᠣᠬᠢᠶᠠᠨ ᠪᠠᠢᠭᠤᠯᠤᠯᠲᠠ᠎ᠶᠢᠨ ᠵᠠᠷᠴᠢᠮ᠎ᠠᠴᠠ ᠵᠥᠷᠢᠴᠡᠵᠦ ᠵᠣᠬᠢᠶᠠᠨ ᠪᠠᠢᠭᠤᠯᠤᠯᠲᠠ᠎ᠶᠢᠨ ᠪᠤᠰᠤ ᠠᠵᠢᠯᠯᠠᠭ᠎ᠠ ᠬᠢᠭᠰᠡᠨ᠂ ᠪᠤᠰᠤᠳ ᠬᠥᠮᠦᠨ᠎ᠢ ᠵᠣᠬᠢᠶᠠᠨ ᠪᠠᠢᠭᠤᠯᠵᠤ᠂ ᠥᠳᠦᠭᠡᠵᠦ᠂ ᠠᠷᠭᠠᠳᠠᠵᠤ ᠪᠠᠢᠭᠠᠳ ᠪᠢᠯᠧᠲ ᠦᠭᠭᠦᠭᠦᠯᠦᠭᠰᠡᠡ᠂ ᠪᠠᠲᠤᠯᠠᠭᠤᠯᠤᠭᠰᠠᠨ;

  (ᠭᠤᠷᠪᠠ) ᠰᠣᠩᠭᠤᠭᠤᠯᠢ᠎ᠶᠢᠨ ᠳᠤᠮᠳᠠ ᠨᠠᠮ᠎ᠤᠨ ᠳᠦᠷᠢᠮ᠂ ᠨᠠᠮ᠎ᠤᠨ ᠳᠣᠲᠤᠭᠠᠳᠤ᠎ᠶᠢᠨ ᠪᠤᠰᠤᠳ ᠬᠠᠤᠯᠢ ᠲᠣᠭᠲᠠᠭᠠᠯ ᠪᠠ ᠬᠠᠮᠢᠶ᠎ᠠ ᠪᠦᠬᠦᠢ ᠳᠦᠷᠢᠮ᠎ᠡᠴᠡ ᠵᠥᠷᠢᠴᠡᠭᠰᠡᠨ ᠠᠵᠢᠯᠯᠠᠭ᠎ᠠ ᠬᠢᠭᠰᠡᠨ᠃

  ᠵᠣᠬᠢᠶᠠᠨ ᠪᠠᠢᠭᠤᠯᠤᠯᠲᠠ᠎ᠲᠠᠢ᠎ᠪᠠᠷ ᠬᠡᠭᠡᠯᠢ ᠲᠦᠯᠬᠢᠵᠦ ᠪᠢᠯᠧᠲ ᠲᠠᠲᠠᠭᠰᠠᠨ ᠪᠤᠶᠤ ᠠᠯᠪᠠᠨ ᠵᠣᠭᠤᠰ᠎ᠢᠶᠠᠷ ᠬᠡᠭᠡᠯᠢ ᠲᠦᠯᠬᠢᠵᠦ ᠪᠢᠯᠧᠲ ᠲᠠᠲᠠᠭᠰᠠᠨ ᠪᠠᠢᠪᠠᠯ᠂ ᠭᠦᠨᠳᠤ᠎ᠪᠠᠷ ᠪᠤᠶᠤ ᠬᠦᠨᠳᠦᠷᠡᠭᠦᠯᠦᠨ ᠱᠢᠢᠳᠬᠡᠨ᠎ᠡ᠃

  ᠳᠠᠯᠠᠨ ᠵᠢᠷᠭᠤᠳᠤᠭᠠᠷ ᠵᠦᠢᠯ  ᠺᠠᠳ᠋ᠷ ᠎ᠢ ᠱᠢᠯᠢᠨ ᠳᠡᠪᠱᠢᠭᠦᠯᠵᠦ ᠲᠣᠮᠢᠯᠠᠨ ᠬᠡᠷᠡᠭᠯᠡᠬᠦ ᠳᠤᠮᠳᠠ᠂ ᠣᠢᠷ᠎ᠠ ᠳᠣᠲᠤᠨᠤ ᠬᠥᠮᠦᠨ᠎ᠢᠶᠡᠨ ᠬᠡᠷᠡᠭᠯᠡᠭᠰᠡᠨ᠂ ᠢᠵᠢᠯᠢ ᠪᠤᠰᠤ ᠡᠲᠡᠭᠡᠳ᠎ᠢᠶᠡᠨ ᠭᠠᠳᠠᠭᠤᠷᠴᠢᠯᠠᠭᠰᠠᠨ᠂ ᠨᠣᠶᠠᠨ ᠵᠡᠷᠭᠡ ᠦᠭᠭᠦ᠎ᠪᠡᠷ ᠠᠮᠠᠯᠠᠭᠰᠠᠨ᠂ ᠨᠠᠢᠷ ᠲᠠᠯ᠎ᠠ ᠬᠡᠯᠡᠵᠦ ᠭᠠᠷ ᠳᠦᠷᠦᠭᠰᠡᠨ᠂ ᠨᠣᠶᠠᠨ ᠵᠡᠷᠭᠡ ᠣᠯᠬᠤ᠎ᠪᠠᠷ ᠬᠥᠭᠡᠭᠡᠴᠡᠯᠳᠦᠭᠰᠡᠨ᠂ ᠱᠠᠯᠠᠪᠳᠠᠨ ᠱᠢᠯᠢᠨ ᠳᠡᠪᠱᠢᠭᠦᠯᠦᠭᠰᠡᠨ ᠪᠤᠶᠤ ᠺᠠᠳ᠋ᠷ᠎ᠢ ᠲᠣᠬᠢᠷᠠᠭᠤᠯᠬᠤ ᠵᠡᠷᠭᠡ ᠺᠠᠳ᠋ᠷ ᠎ᠢ ᠱᠢᠯᠢᠨ ᠳᠡᠪᠱᠢᠭᠦᠯᠵᠦ ᠲᠣᠮᠢᠯᠠᠨ ᠬᠡᠷᠡᠭᠯᠡᠬᠦ ᠲᠣᠭᠲᠠᠭᠠᠯ᠎ᠠᠴᠠ ᠵᠥᠷᠢᠴᠡᠭᠰᠡᠨ ᠠᠵᠢᠯᠯᠠᠭ᠎ᠠ᠎ᠲᠠᠢ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠤᠶᠤ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠬᠥᠮᠦᠨ ᠬᠡᠷᠡᠭᠯᠡᠬᠦ᠎ᠳᠦ ᠰᠠᠢᠲᠤᠷ ᠬᠢᠨᠠᠨ ᠪᠠᠢᠴᠠᠭᠠᠭᠰᠠᠨ᠎ᠦᠭᠡᠢ ᠪᠤᠶᠤ ᠠᠯᠳᠠᠱᠢ ᠭᠠᠷᠭᠠᠵᠤ ᠭᠦᠨᠳᠤ ᠨᠣᠴᠢᠲᠠᠢ ᠤᠷᠱᠢᠭ ᠲᠠᠲᠠᠭᠰᠠᠨ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠤᠶᠤ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ ᠎ᠢ ᠳᠡᠭᠡᠷ᠎ᠡ ᠳᠤᠷᠠᠳᠤᠭᠰᠠᠨ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠳᠠᠯᠠᠨ ᠳᠣᠯᠤᠳᠤᠭᠠᠷ ᠵᠦᠢᠯ  ᠺᠠᠳ᠋ᠷ᠂ ᠠᠵᠢᠯᠲᠠᠨ ᠠᠵᠢᠯᠴᠢᠨ ᠎ᠢ ᠡᠯᠰᠡᠨ ᠬᠡᠷᠡᠭᠯᠡᠬᠦ᠂ ᠬᠢᠨᠠᠨ ᠱᠢᠯᠭᠠᠬᠤ᠂ ᠲᠤᠱᠢᠶᠠᠯ ᠳᠡᠪᠱᠢᠭᠦᠯᠬᠦ᠂ ᠮᠡᠷᠭᠡᠵᠢᠯ᠎ᠦᠨ ᠴᠣᠯᠠ ᠦᠨᠡᠯᠡᠨ ᠲᠣᠭᠲᠠᠭᠠᠬᠤ ᠪᠠ ᠴᠡᠷᠢᠭ᠎ᠲᠦ ᠡᠯᠰᠡᠬᠦ᠂ ᠴᠡᠷᠢᠭ᠎ᠡᠴᠡ ᠬᠠᠯᠠᠭᠳᠠᠭᠰᠠᠳ ᠪᠠ ᠴᠡᠷᠢᠭ᠎ᠡᠴᠡ ᠱᠢᠯᠵᠢᠭᠰᠡᠨ ᠬᠥᠮᠦᠨ ᠎ᠢ ᠲᠥᠪᠬᠢᠨᠡᠭᠦᠯᠬᠦ ᠵᠡᠷᠭᠡ ᠠᠵᠢᠯ᠎ᠤᠨ ᠳᠤᠮᠳᠠ᠂ ᠪᠣᠳᠠᠲᠤ ᠶᠠᠪᠤᠳᠠᠯ᠎ᠤᠨ ᠦᠨᠡᠨ ᠪᠠᠢᠳᠠᠯ ᠎ᠢ ᠨᠢᠭᠤᠨ ᠳᠠᠯᠳᠠᠯᠠᠭᠰᠠᠨ᠂ ᠭᠠᠵᠢᠭᠤᠳᠠᠭᠤᠯᠤᠭᠰᠠᠨ ᠪᠤᠶᠤ ᠡᠷᠬᠡ ᠲᠤᠱᠢᠶᠠᠯ ᠪᠤᠶᠤ ᠲᠤᠱᠢᠶᠠᠯ᠎ᠤᠨ᠎ᠢᠶᠠᠨ ᠨᠥᠯᠦᠭᠡ᠎ᠶᠢ ᠠᠱᠢᠭᠯᠠᠨ ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠥᠪᠡᠷ᠎ᠦᠨ ᠪᠡᠶ᠎ᠡ᠎ᠳᠤ᠎ᠪᠠᠨ ᠪᠤᠶᠤ ᠪᠤᠰᠤᠳ ᠬᠥᠮᠦᠨ᠎ᠳᠦ ᠠᠱᠢᠭ ᠲᠤᠰᠠ ᠣᠯᠭᠤᠵᠤ ᠦᠭᠭᠦᠭᠰᠡᠡ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠬᠤᠳᠠᠯ᠎ᠢᠶᠠᠷ ᠵᠣᠬᠢᠶᠠᠨ ᠬᠠᠭᠤᠷᠮᠠᠭ᠎ᠢᠶᠠᠷ ᠦᠢᠯᠡᠳᠴᠦ ᠪᠠᠢᠭᠠᠳ ᠲᠤᠱᠢᠶᠠᠯ᠂ ᠲᠤᠱᠢᠶᠠᠯ᠎ᠤᠨ ᠳᠡᠰ᠂ ᠮᠡᠷᠭᠡᠵᠢᠯ᠎ᠦᠨ ᠴᠣᠯᠠ᠂ ᠣᠯᠭᠤᠮᠵᠢ᠂ ᠬᠢᠷᠢ ᠭᠡᠮ᠂ ᠰᠤᠷᠤᠯᠭ᠎ᠠ᠎ᠶᠢᠨ ᠨᠠᠮᠲᠠᠷ᠂ ᠡᠷᠳᠡᠮ᠎ᠦᠨ ᠴᠣᠯᠠ᠂ ᠢᠷᠠᠭᠤ ᠠᠯᠳᠠᠷ ᠪᠤᠶᠤ ᠪᠤᠰᠤᠳ ᠠᠱᠢᠭ ᠲᠤᠰᠠ᠎ᠶᠢ ᠮᠡᠬᠡᠯᠡᠨ ᠠᠪᠤᠭᠰᠠᠨ ᠪᠤᠯ᠂ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠳᠠᠯᠠᠨ ᠨᠠᠢ᠍ᠮᠠᠳᠤᠭᠠᠷ ᠵᠦᠢᠯ  ᠨᠠᠮ᠎ᠤᠨ ᠭᠡᠱᠢᠭᠦᠨ᠎ᠦ ᠪᠠᠲᠤᠯᠠᠬᠤ ᠡᠷᠬᠡ᠂ ᠰᠣᠩᠭᠤᠬᠤ ᠡᠷᠬᠡ ᠪᠠ ᠰᠣᠩᠭᠤᠭᠳᠠᠬᠤ ᠡᠷᠬᠡ᠎ᠲᠡᠢ ᠬᠠᠯᠳᠠᠭᠰᠠᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠃

  ᠠᠯᠪᠠᠳᠠᠬᠤ᠂ ᠰᠦᠷᠳᠡᠭᠦᠯᠬᠦ᠂ ᠮᠡᠬᠡᠯᠡᠬᠦ᠂ ᠲᠠᠲᠠᠬᠤ ᠵᠡᠷᠭᠡ ᠠᠷᠭ᠎ᠠ᠎ᠪᠠᠷᠢᠯ᠎ᠢᠶᠠᠷ ᠨᠠᠮ᠎ᠤᠨ ᠭᠡᠱᠢᠭᠦᠨ᠎ᠦ ᠪᠠᠲᠤᠯᠠᠬᠤ ᠡᠷᠬᠡ᠂ ᠰᠣᠩᠭᠤᠬᠤ ᠡᠷᠬᠡ ᠪᠣᠯᠤᠨ ᠰᠣᠩᠭᠤᠭᠳᠠᠬᠤ ᠡᠷᠬᠡ᠎ᠪᠡᠨ ᠪᠡᠶ᠎ᠡ᠎ᠪᠡᠨ ᠳᠠᠭᠠᠭᠠᠵᠤ ᠬᠡᠷᠡᠭᠵᠢᠭᠦᠯᠬᠦ᠎ᠶᠢ ᠬᠠᠷᠱᠢᠯᠠᠭᠰᠠᠨ ᠪᠠᠢᠪᠠᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠳᠠᠯᠠ ᠶᠢᠰᠦᠳᠦᠭᠡᠷ ᠵᠦᠢᠯ  ᠳᠣᠤᠷ᠎ᠠ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠨᠢ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠄

  (ᠨᠢᠭᠡ) ᠱᠢᠭᠦᠮᠵᠢᠯᠡᠬᠦ᠂ ᠢᠯᠡᠴᠢᠯᠡᠬᠦ᠂ ᠵᠠᠭᠠᠯᠳᠤᠬᠤ᠎ᠶᠢ ᠬᠠᠷᠱᠢᠯᠠᠭᠰᠠᠨ᠂ ᠳᠠᠷᠤᠭᠰᠠᠨ ᠪᠤᠶᠤ ᠱᠢᠭᠦᠮᠵᠢᠯᠡᠯ᠂ ᠢᠯᠡᠴᠢᠯᠡᠯ᠂ ᠵᠠᠭᠠᠯᠳᠤᠯᠭ᠎ᠠ᠎ᠶᠢᠨ ᠮᠠᠲᠧᠷᠢᠶᠠᠯ᠎ᠢ ᠳᠤᠷ᠎ᠠ᠎ᠪᠠᠷ᠎ᠢᠶᠠᠨ ᠳᠠᠷᠤᠵᠤ ᠠᠪᠤᠭᠰᠠᠨ᠂ ᠤᠰᠠᠳᠭᠠᠭᠰᠠᠨ ᠪᠤᠶᠤ ᠪᠤᠰᠤᠳ ᠬᠥᠮᠦᠨ᠎ᠳᠦ ᠵᠣᠷᠢᠭᠤᠳᠠ ᠵᠠᠳᠠᠷᠠᠭᠤᠯᠤᠭᠰᠠᠨ;

  (ᠬᠣᠶᠠᠷ) ᠨᠠᠮ᠎ᠤᠨ ᠭᠡᠱᠢᠭᠦᠨ᠎ᠦ ᠵᠥᠪᠲᠦᠭᠡᠯᠲᠡ᠂ ᠥᠮᠦᠭᠯᠡᠯᠲᠡ᠂ ᠭᠡᠷᠡᠴᠢᠯᠡᠯᠲᠡ ᠵᠡᠷᠭᠡ᠎ᠶᠢ ᠳᠠᠷᠤᠵᠤ᠂ ᠮᠠᠭᠤ ᠦᠷ᠎ᠡ ᠳ᠋ᠦᠩ ᠭᠠᠷᠭᠠᠭᠰᠠᠨ;

  (ᠭᠤᠷᠪᠠ) ᠨᠠᠮ᠎ᠤᠨ ᠭᠡᠱᠢᠭᠦᠨ᠎ᠦ ᠭᠣᠮᠤᠳᠠᠯ ᠲᠣᠭᠠᠴᠢᠯᠲᠠ᠎ᠶᠢ ᠳᠠᠷᠤᠵᠤ᠂ ᠮᠠᠭᠤ ᠦᠷ᠎ᠡ ᠳ᠋ᠦᠩ ᠭᠠᠷᠭᠠᠭᠰᠠᠨ ᠪᠤᠶᠤ ᠨᠠᠮ᠎ᠤᠨ ᠭᠡᠱᠢᠭᠦᠨ᠎ᠦ ᠭᠣᠮᠤᠳᠠᠯ ᠲᠣᠭᠠᠴᠢᠯᠲᠠ᠎ᠶᠢ ᠬᠠᠮᠢᠶ᠎ᠠ ᠪᠦᠬᠦᠢ ᠲᠣᠭᠲᠠᠭᠠᠯ ᠶᠣᠰᠤᠭᠠᠷ ᠱᠢᠢᠳᠪᠦᠷᠢᠯᠡᠭᠰᠡᠨ᠎ᠦᠭᠡᠢ;

  (ᠳᠥᠷᠪᠡ) ᠨᠠᠮ᠎ᠤᠨ ᠭᠡᠱᠢᠭᠦᠨ᠎ᠦ ᠡᠷᠬᠡ᠎ᠳᠦ ᠬᠠᠯᠳᠠᠭᠰᠠᠨ ᠪᠤᠰᠤᠳ ᠦᠢᠯᠡ ᠠᠵᠢᠯᠯᠠᠭ᠎ᠠ᠎ᠲᠠᠢ ᠪᠠᠢᠵᠤ᠂ ᠮᠠᠭᠤ ᠦᠷ᠎ᠡ ᠳ᠋ᠦᠩ ᠭᠠᠷᠭᠠᠭᠰᠠᠨ᠃

  ᠱᠢᠭᠦᠮᠵᠢᠯᠡᠭᠴᠢ᠂ ᠢᠯᠡᠴᠢᠯᠡᠭᠴᠢ᠂ ᠵᠠᠭᠠᠯᠳᠤᠭᠴᠢ᠂ ᠭᠡᠷᠡᠴᠢᠯᠡᠭᠴᠢ ᠵᠢᠴᠢ ᠪᠤᠰᠤᠳ ᠬᠥᠮᠦᠨ᠎ᠳᠦ ᠴᠣᠬᠢᠯᠲᠠ ᠦᠭᠴᠤ ᠬᠠᠷᠢᠭᠤ ᠠᠪᠤᠭᠰᠠᠨ ᠪᠤᠯ᠂ ᠭᠦᠨᠳᠤ᠎ᠪᠠᠷ ᠪᠤᠶᠤ ᠬᠦᠨᠳᠦᠷᠡᠭᠦᠯᠦᠨ ᠱᠢᠢᠳᠬᠡᠨ᠎ᠡ᠃

  ᠨᠠᠮ᠎ᠤᠨ ᠵᠣᠬᠢᠶᠠᠨ ᠪᠠᠢᠭᠤᠯᠤᠯᠲᠠ ᠳᠡᠭᠡᠷᠡᠬᠢ ᠦᠢᠯᠡ ᠠᠵᠢᠯᠯᠠᠭ᠎ᠠ᠎ᠲᠠᠢ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠠ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠢ ᠨᠢᠭᠡᠳᠦᠭᠡᠷ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠨᠠᠶᠠᠳᠤᠭᠠᠷ ᠵᠦᠢᠯ  ᠨᠠᠮ᠎ᠤᠨ ᠳᠦᠷᠢᠮ ᠪᠠ ᠨᠠᠮ᠎ᠤᠨ ᠳᠣᠲᠤᠭᠠᠳᠤ᠎ᠶᠢᠨ ᠪᠤᠰᠤᠳ ᠬᠠᠤᠯᠢ ᠲᠣᠭᠲᠠᠭᠠᠯ᠎ᠤᠨ ᠲᠣᠭᠲᠠᠭᠠᠯ᠎ᠠᠴᠠ ᠵᠥᠷᠢᠴᠡᠵᠦ᠂ ᠬᠤᠳᠠᠯ ᠬᠡᠯᠡᠵᠦ ᠬᠠᠭᠤᠷᠮᠠᠭᠯᠠᠨ ᠵᠣᠬᠢᠶᠠᠬᠤ ᠪᠤᠶᠤ ᠪᠤᠰᠤᠳ ᠠᠷᠭ᠎ᠠ᠎ᠪᠠᠷᠢᠯ᠎ᠢᠶᠠᠷ ᠨᠠᠮ᠎ᠤᠨ ᠭᠡᠱᠢᠭᠦᠨ᠎ᠦ ᠨᠥᠬᠦᠴᠡᠯ᠎ᠳᠦ ᠨᠡᠢᠴᠡᠬᠦ᠎ᠦᠭᠡᠢ ᠬᠥᠮᠦᠨ ᠎ᠢ ᠨᠠᠮ᠎ᠤᠨ ᠭᠡᠱᠢᠭᠦᠨ᠎ᠢᠶᠡᠷ ᠡᠯᠰᠡᠬᠦ ᠪᠤᠶᠤ ᠨᠠᠮ᠎ᠤᠨ ᠭᠡᠱᠢᠭᠦᠨ ᠪᠤᠰᠤ ᠬᠥᠮᠦᠨ᠎ᠳᠦ ᠨᠠᠮ᠎ᠤᠨ ᠭᠡᠱᠢᠭᠦᠨ᠎ᠦ ᠪᠡᠶ᠎ᠡ ᠭᠠᠷᠤᠯ᠎ᠤᠨ ᠭᠡᠷᠡᠴᠢᠯᠡᠯ ᠬᠢᠵᠦ ᠦᠭᠭᠦᠭᠰᠡᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠃

  ᠬᠠᠮᠢᠶ᠎ᠠ ᠪᠦᠬᠦᠢ ᠲᠣᠭᠲᠠᠭᠠᠯ ᠳᠡᠰ ᠳᠠᠷᠠᠭᠠᠯᠠᠯ᠎ᠠᠴᠠ ᠵᠥᠷᠢᠴᠡᠵᠦ ᠨᠠᠮ᠎ᠤᠨ ᠭᠡᠱᠢᠭᠦᠨ ᠡᠯᠰᠡᠭᠰᠡᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠠ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠢ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠨᠠᠶᠠᠨ ᠨᠢᠭᠡᠳᠦᠭᠡᠷ ᠵᠦᠢᠯ  ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠭᠠᠳᠠᠭᠠᠳᠤ᠎ᠶᠢᠨ ᠤᠯᠤᠰ᠎ᠤᠨ ᠬᠠᠷᠢᠶ᠎ᠠ ᠣᠯᠤᠭᠰᠠᠨ ᠪᠤᠶᠤ ᠭᠠᠳᠠᠭᠠᠳᠤ (ᠬᠢᠯᠢ᠎ᠶᠢᠨ ᠭᠠᠳᠠᠨ᠎ᠠ)᠎ᠳᠤ ᠥᠨᠢᠳᠡ ᠣᠷᠤᠱᠢᠨ ᠰᠠᠭᠤᠬᠤ ᠬᠢᠷᠢ ᠭᠡᠮ᠂ ᠤᠷᠲᠤ ᠬᠤᠭᠤᠴᠠᠭ᠎ᠠ᠎ᠪᠠᠷ ᠣᠷᠤᠱᠢᠨ ᠰᠠᠭᠤᠬᠤ ᠵᠥᠪᠱᠢᠶᠡᠷᠡᠯ ᠣᠯᠤᠭᠰᠠᠨ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠨᠠᠶᠠᠨ ᠬᠣᠶᠠᠳᠤᠭᠠᠷ ᠵᠦᠢᠯ  ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠬᠤᠪᠢ᠎ᠶᠢᠨ ᠤᠴᠢᠷ᠎ᠢᠶᠠᠷ ᠭᠠᠳᠠᠭᠠᠳᠤ (ᠬᠢᠯᠢ᠎ᠡᠴᠡ)᠎ᠳᠦ ᠭᠠᠷᠬᠤ ᠦᠨᠡᠮᠯᠡᠯ᠂ ᠱᠢᠶᠠᠩᠭᠠᠩ ᠣᠣᠮᠧᠨ᠎ᠳᠦ ᠣᠴᠢᠬᠤ ᠨᠡᠪᠲᠡᠷᠡᠬᠦ ᠦᠨᠡᠮᠯᠡᠯ ᠬᠢᠯᠭᠡᠭᠰᠡᠨ ᠪᠤᠶᠤ ᠵᠥᠪᠱᠢᠶᠡᠷᠡᠭᠦᠯᠦᠭᠰᠡᠨ᠎ᠦᠭᠡᠢ᠎ᠪᠡᠷ ᠤᠯᠤᠰ᠎ᠤᠨ ᠬᠢᠯᠢ᠎ᠪᠡ ᠣᠷᠤᠵᠤ ᠭᠠᠷᠤᠭᠰᠠᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ᠂ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ᠃

  ᠨᠠᠶᠠᠨ ᠭᠤᠷᠪᠠᠳᠤᠭᠠᠷ ᠵᠦᠢᠯ   ᠭᠠᠳᠠᠭᠠᠳᠤ᠎ᠳᠤ ᠰᠠᠭᠤᠭ᠎ᠠ ᠪᠠᠢᠭᠤᠯᠤᠮᠵᠢ ᠪᠤᠶᠤ ᠲᠦᠷ ᠴᠠᠭ᠎ᠢᠶᠠᠷ ᠭᠠᠳᠠᠭᠠᠳᠤ (ᠬᠢᠯᠢ᠎ᠡᠴᠡ)᠎ᠳᠦ ᠭᠠᠷᠤᠭᠰᠠᠨ ᠪᠦᠯᠬᠦᠮ (ᠳᠤᠭᠤᠢᠯᠠᠩ)᠎ᠳᠠᠬᠢ ᠨᠠᠮ᠎ᠤᠨ ᠭᠡᠱᠢᠭᠦᠨ ᠳᠤᠷ᠎ᠠ᠎ᠪᠠᠷ᠎ᠢᠶᠠᠨ ᠵᠣᠬᠢᠶᠠᠨ ᠪᠠᠢᠭᠤᠯᠤᠯᠲᠠ᠎ᠠᠴᠠ ᠰᠠᠯᠤᠭᠰᠠᠨ᠂ ᠡᠰᠡᠬᠦᠯ᠎ᠡ ᠭᠠᠳᠠᠭᠠᠳᠤ ᠶᠠᠪᠤᠳᠠᠯ᠂ ᠨᠢᠭᠤᠴᠠ ᠴᠢᠬᠤᠯᠠ ᠶᠠᠪᠤᠳᠠᠯ᠂ ᠴᠡᠷᠢᠭ᠎ᠦᠨ ᠶᠠᠪᠤᠳᠠᠯ ᠵᠡᠷᠭᠡ ᠠᠵᠢᠯ᠎ᠢ ᠬᠢᠵᠦ ᠪᠠᠢᠭ᠎ᠠ ᠨᠠᠮ᠎ᠤᠨ ᠭᠡᠱᠢᠭᠦᠨ ᠬᠣᠯᠪᠤᠭᠳᠠᠯ ᠪᠦᠬᠦᠢ ᠲᠣᠭᠲᠠᠭᠠᠯ ᠎ᠢ ᠵᠥᠷᠢᠴᠡᠨ ᠤᠯᠤᠰ᠎ᠤᠨ ᠭᠠᠳᠠᠨᠠᠬᠢ ᠪᠠᠢᠭᠤᠯᠤᠮᠵᠢ᠂ ᠬᠥᠮᠦᠰ᠎ᠲᠡᠢ ᠬᠠᠷᠢᠯᠴᠠᠭᠰᠠᠨ ᠪᠠ ᠶᠠᠪᠤᠯᠴᠠᠭᠰᠠᠨ ᠪᠠᠢᠪᠠᠯ᠂ ᠳᠣᠩᠭᠤᠳᠭᠤ᠂ ᠴᠢᠩᠭ᠎ᠠ ᠳᠣᠩᠭᠤᠳᠭᠤ ᠱᠢᠢᠳᠭᠡᠯ ᠦᠭᠭᠦ ᠪᠤᠶᠤ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠃

  ᠨᠠᠶᠠᠨ ᠳᠥᠷᠪᠡᠳᠦᠭᠡᠷ ᠵᠦᠢᠯ  ᠭᠠᠳᠠᠭᠠᠳᠤ᠎ᠳᠤ ᠰᠠᠭᠤᠭ᠎ᠠ ᠪᠠᠢᠭᠤᠯᠤᠮᠵᠢ ᠪᠤᠶᠤ ᠲᠦᠷ ᠴᠠᠭ᠎ᠢᠶᠠᠷ ᠭᠠᠳᠠᠭᠠᠳᠤ (ᠬᠢᠯᠢ᠎ᠡᠴᠡ)᠎ᠳᠦ ᠭᠠᠷᠬᠤ ᠪᠦᠯᠬᠦᠮ (ᠳᠤᠭᠤᠢᠯᠠᠩ)᠎ᠳᠠᠬᠢ ᠨᠠᠮ᠎ᠤᠨ ᠭᠡᠱᠢᠭᠦᠨ᠂ ᠵᠣᠬᠢᠶᠠᠨ ᠪᠠᠢᠭᠤᠯᠤᠯᠲᠠ᠎ᠠᠴᠠ ᠰᠠᠯᠵᠤ ᠶᠠᠪᠤᠭᠰᠠᠨ ᠬᠤᠭᠤᠴᠠᠭ᠎ᠠ᠎ᠨᠢ ᠵᠢᠷᠭᠤᠭᠠᠨ ᠰᠠᠷ᠎ᠠ ᠬᠦᠷᠬᠦ᠎ᠦᠭᠡᠢ᠎ᠪᠡᠷ ᠥᠪᠡᠷᠲᠡᠭᠡᠨ ᠪᠤᠴᠠᠵᠤ ᠢᠷᠡᠭᠰᠡᠨ ᠪᠠᠢᠪᠠᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠵᠣᠬᠢᠶᠠᠨ ᠪᠠᠢᠭᠤᠯᠤᠯᠲᠠ᠎ᠠᠴᠠ ᠰᠠᠯᠵᠤ ᠶᠠᠪᠤᠭᠰᠠᠨ ᠬᠤᠭᠤᠴᠠᠭ᠎ᠠ᠎ᠨᠢ ᠵᠢᠷᠭᠤᠭᠠᠨ ᠰᠠᠷ᠎ᠠ᠎ᠶᠢ ᠳᠠᠪᠠᠭᠰᠠᠨ ᠪᠤᠯ᠂ ᠥᠪᠡᠷᠲᠡᠭᠡᠨ ᠨᠠᠮ᠎ᠠᠴᠠ ᠰᠠᠯᠤᠭᠰᠠᠨ ᠶᠣᠰᠤᠭᠠᠷ ᠱᠢᠢᠳᠪᠦᠷᠢᠯᠡᠵᠦ᠂ ᠨᠠᠮ᠎ᠤᠨ ᠳᠣᠲᠤᠭᠠᠳᠤ᠎ᠳᠤ᠎ᠨᠡᠷ᠎ᠡ᠎ᠶᠢ᠎ᠨᠢ ᠬᠠᠰᠤᠨ᠎ᠠ᠃

  ᠪᠤᠰᠤᠳ ᠬᠥᠮᠦᠨ᠎ᠦ ᠵᠣᠬᠢᠶᠠᠨ ᠪᠠᠢᠭᠤᠯᠤᠯᠲᠠ᠎ᠠᠴᠠ ᠰᠠᠯᠵᠤ ᠶᠠᠪᠤᠬᠤ᠎ᠳᠤ ᠵᠣᠷᠢᠭᠤᠳᠠ᠎ᠪᠠᠷ ᠳᠥᠭᠦᠮ ᠨᠥᠬᠦᠴᠡᠯ ᠬᠠᠩᠭᠠᠵᠤ ᠦᠭᠭᠦᠭᠰᠡᠡ ᠪᠠᠢᠪᠠᠯ᠂ ᠳᠣᠩᠭᠤᠳᠭᠤ᠂ ᠴᠢᠩᠭ᠎ᠠ ᠳᠣᠩᠭᠤᠳᠭᠤ ᠱᠢᠢᠳᠭᠡᠯ ᠦᠭᠭᠦ ᠪᠤᠶᠤ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠃

 

    ᠨᠠᠢ᠍ᠮᠠᠳᠤᠭᠠᠷ ᠪᠦᠯᠦᠭ  ᠠᠷᠢᠭᠤᠨ ᠴᠢᠬᠡᠴᠢ᠎ᠶᠢᠨ ᠰᠠᠬᠢᠯᠭ᠎ᠠ ᠪᠠᠲᠤ᠎ᠠᠴᠠ ᠵᠥᠷᠢᠴᠡᠭᠰᠡᠨ ᠦᠢᠯᠡ ᠠᠵᠢᠯᠯᠠᠭ᠎ᠠ᠎ᠳᠤ ᠦᠭᠭᠦ ᠱᠢᠢᠳᠭᠡᠯ

 

  ᠨᠠᠶᠠᠨ ᠲᠠᠪᠤᠳᠤᠭᠠᠷ ᠵᠦᠢᠯ  ᠨᠠᠮ᠎ᠤᠨ ᠭᠡᠱᠢᠭᠦᠨ ᠺᠠᠳ᠋ᠷ ᠡᠷᠬᠡᠪᠱᠢ ᠠᠷᠠᠳ ᠲᠦᠮᠡᠨ᠎ᠡᠴᠡ ᠣᠯᠭᠤᠭᠰᠠᠨ ᠡᠷᠬᠡ᠎ᠶᠢ ᠵᠥᠪ ᠣᠨᠤᠪᠴᠢᠲᠠᠢ᠎ᠪᠠᠷ ᠬᠡᠷᠡᠭᠯᠡᠵᠦ᠂ ᠠᠷᠢᠭᠤᠨ ᠴᠢᠬᠡᠴᠢ ᠪᠠᠢᠵᠤ᠂ ᠡᠷᠬᠡ ᠲᠤᠱᠢᠶᠠᠯ᠎ᠢᠶᠠᠨ ᠳᠤᠷ᠎ᠠ᠎ᠪᠠᠷ᠎ᠢᠶᠠᠨ ᠬᠡᠷᠡᠭᠯᠡᠬᠦ᠂ ᠬᠤᠪᠢ᠎ᠶᠢᠨ ᠠᠱᠢᠭ ᠲᠤᠰᠠ᠎ᠶᠢ ᠬᠥᠭᠡᠭᠡᠴᠡᠯᠳᠦᠬᠦ ᠠᠯᠢᠪᠠ ᠦᠢᠯᠡ ᠠᠵᠢᠯᠯᠠᠭ᠎ᠠ᠎ᠶᠢ ᠡᠰᠡᠷᠭᠦᠴᠡᠬᠦ ᠬᠡᠷᠡᠭᠲᠡᠢ᠃

  ᠡᠷᠬᠡ ᠲᠤᠱᠢᠶᠠᠯ ᠪᠤᠶᠤ ᠲᠤᠱᠢᠶᠠᠯ᠎ᠤᠨ᠎ᠢᠶᠠᠨ ᠨᠥᠯᠦᠭᠡ᠎ᠶᠢ ᠠᠱᠢᠭᠯᠠᠵᠤ ᠪᠤᠰᠤᠳ ᠬᠥᠮᠦᠨ᠎ᠳᠦ ᠠᠱᠢᠭ ᠲᠤᠰᠠ ᠣᠯᠭᠤᠵᠤ᠂ ᠲᠤᠰ ᠬᠥᠮᠦᠨ᠎ᠦ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ ᠪᠣᠯᠤᠨ ᠪᠤᠰᠤᠳ ᠣᠨᠴᠠᠭᠠᠢ ᠬᠠᠷᠢᠴᠠᠭ᠎ᠠ᠎ᠲᠠᠢ ᠬᠥᠮᠦᠰ᠎ᠨᠢ ᠨᠥᠭᠦᠭᠡ ᠡᠲᠡᠭᠡᠳ᠎ᠡᠴᠡ ᠵᠣᠭᠤᠰ ᠮᠥᠩᠭᠦ ᠡᠳ᠋ ᠪᠣᠳᠠᠰ ᠎ᠢ ᠬᠦᠯᠢᠶᠡᠨ ᠠᠪᠤᠭᠠᠳ᠂ ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠨᠠᠶᠠᠨ ᠵᠢᠷᠭᠤᠳᠤᠭᠠᠷ ᠵᠦᠢᠯ  ᠡᠷᠬᠡ ᠲᠤᠱᠢᠶᠠᠯ ᠪᠤᠶᠤ ᠲᠤᠱᠢᠶᠠᠯ᠎ᠤᠨ᠎ᠢᠶᠠᠨ ᠨᠥᠯᠦᠭᠡ᠎ᠶᠢ ᠬᠠᠷᠢᠯᠴᠠᠨ ᠠᠱᠢᠭᠯᠠᠵᠤ ᠨᠥᠭᠦᠭᠡ ᠡᠲᠡᠭᠡᠳ ᠵᠢᠴᠢ ᠲᠡᠭᠦᠨ᠎ᠦ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ᠂ ᠬᠠᠵᠠᠭᠤ᠎ᠳᠠᠬᠢ ᠠᠵᠢᠯᠲᠠᠨ ᠪᠣᠯᠤᠨ ᠪᠤᠰᠤᠳ ᠣᠨᠴᠠᠭᠠᠢ ᠬᠠᠷᠢᠴᠠᠭ᠎ᠠ᠎ᠲᠠᠢ ᠬᠥᠮᠦᠰ᠎ᠲᠦ ᠠᠱᠢᠭ ᠲᠤᠰᠠ ᠣᠯᠭᠤᠵᠤ ᠡᠷᠬᠡ ᠪᠣᠯᠤᠨ ᠡᠷᠬᠡ᠎ᠶᠢᠨ ᠵᠣᠯᠢᠶ᠎ᠠ ᠬᠢᠭᠰᠡᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠨᠠᠶᠠᠨ ᠳᠣᠯᠤᠳᠤᠭᠠᠷ ᠵᠦᠢᠯ  ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ᠂ ᠬᠠᠵᠠᠭᠤ᠎ᠳᠠᠬᠢ ᠠᠵᠢᠯᠲᠠᠨ ᠪᠤᠶᠤ ᠪᠤᠰᠤᠳ ᠣᠨᠴᠠᠭᠠᠢ ᠬᠠᠷᠢᠴᠠᠭ᠎ᠠ᠎ᠲᠠᠢ ᠬᠥᠮᠦᠨ ᠨᠠᠮ᠎ᠤᠨ ᠭᠡᠱᠢᠭᠦᠨ ᠺᠠᠳ᠋ᠷ᠎ᠤᠨ ᠲᠤᠰ ᠬᠥᠮᠦᠨ᠎ᠦ᠎ᠪᠡᠨ ᠡᠷᠬᠡ ᠲᠤᠱᠢᠶᠠᠯ ᠪᠤᠶᠤ ᠲᠤᠱᠢᠶᠠᠯ᠎ᠤᠨ᠎ᠢᠶᠠᠨ ᠨᠥᠯᠦᠭᠡ᠎ᠶᠢ ᠠᠱᠢᠭᠯᠠᠵᠤ ᠬᠤᠪᠢ᠎ᠶᠢᠨ ᠠᠱᠢᠭ ᠲᠤᠰᠠ ᠬᠥᠭᠡᠭᠡᠴᠡᠯᠳᠦᠬᠦ᠎ᠶᠢ ᠳᠤᠷ᠎ᠠ᠎ᠪᠠᠷ ᠪᠣᠯᠭᠠᠵᠤ᠂ ᠳᠤᠭᠤᠢ ᠵᠥᠪᠱᠢᠶᠡᠷᠡᠭᠰᠡᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠭᠦᠨᠳᠤ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠭᠦᠨᠳᠤ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠨᠠᠮ᠎ᠤᠨ ᠭᠡᠱᠢᠭᠦᠨ ᠺᠠᠳ᠋ᠷ᠎ᠤᠨ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ ᠪᠠ ᠪᠤᠰᠤᠳ ᠣᠨᠴᠠᠭᠠᠢ ᠬᠠᠷᠢᠴᠠᠭ᠎ᠠ᠎ᠲᠠᠢ ᠬᠥᠮᠦᠰ ᠪᠣᠳᠠᠲᠤ ᠠᠵᠢᠯ ᠬᠢᠭᠰᠡᠨ᠎ᠦᠭᠡᠢ᠎ᠪᠡᠷ ᠴᠠᠯᠢᠩ ᠣᠯᠬᠤ ᠪᠤᠶᠤ ᠬᠡᠳᠦᠢᠪᠡᠷ ᠪᠣᠳᠠᠲᠤ ᠠᠵᠢᠯ ᠬᠢᠭᠰᠡᠨ ᠪᠣᠯᠪᠠᠴᠤ ᠠᠳᠠᠯᠢ ᠲᠤᠱᠢᠶᠠᠯ ᠳᠡᠰ᠎ᠦᠨ᠎ᠪᠠᠷᠢᠮᠵᠢᠶ᠎ᠠ᠎ᠠᠴᠠ ᠳᠠᠪᠠᠭᠰᠠᠨ ᠴᠠᠯᠢᠩ ᠠᠪᠤᠭᠰᠠᠨ᠎ᠢ ᠨᠠᠮ᠎ᠤᠨ ᠭᠡᠱᠢᠭᠦᠨ ᠺᠠᠳ᠋ᠷ ᠪᠠᠢᠳᠠᠯ᠎ᠢ ᠮᠡᠳᠡᠵᠦ ᠪᠠᠢᠭᠠᠳ ᠵᠠᠯᠠᠷᠠᠭᠤᠯᠤᠭᠰᠠᠨ᠎ᠦᠭᠡᠢ ᠪᠤᠯ᠂ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠨᠠᠶᠠᠨ ᠨᠠᠢ᠍ᠮᠠᠳᠤᠭᠠᠷ ᠵᠦᠢᠯ  ᠠᠯᠪᠠᠨ ᠠᠵᠢᠯ᠎ᠢ ᠲᠥᠪ ᠭᠣᠤᠯᠴᠢ᠎ᠪᠠᠷ ᠭᠦᠢᠴᠡᠳᠬᠡᠬᠦ᠎ᠶᠢ ᠨᠥᠯᠦᠭᠡᠯᠡᠵᠦ ᠮᠡᠳᠡᠬᠦ ᠪᠡᠯᠡᠭ ᠰᠡᠯᠲᠡ᠂ ᠪᠡᠯᠡᠭ᠎ᠦᠨ ᠵᠣᠭᠤᠰ᠂ ᠬᠡᠷᠡᠭᠯᠡᠭᠡᠨ᠎ᠦ ᠺᠠᠷᠲ ᠪᠣᠯᠤᠨ ᠦᠨᠡᠲᠦ ᠲᠡᠮᠳᠡᠭᠲᠦ᠂ ᠰᠲ᠋ᠤᠺ᠎ᠤᠨ ᠡᠷᠬᠡ᠂ ᠪᠤᠰᠤᠳ ᠮᠥᠩᠭᠦᠨ ᠭᠦᠢᠯᠭᠡᠭᠡᠨ᠎ᠦ ᠦᠢᠯᠡᠳᠬᠦᠨ ᠵᠡᠷᠭᠡ ᠡᠳ᠋ ᠪᠣᠳᠠᠰ᠎ᠢ ᠬᠦᠯᠢᠶᠡᠨ ᠠᠪᠴᠤ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠬᠡᠪ᠎ᠦᠨ ᠶᠠᠪᠤᠯᠴᠠᠭᠠᠨ᠎ᠤ ᠶᠣᠰᠤ ᠵᠤᠷᠱᠢᠯ᠎ᠠᠴᠠ ᠢᠯᠡᠷᠬᠡᠢ ᠳᠠᠪᠠᠭᠰᠠᠨ ᠡᠳ᠋ ᠪᠣᠳᠠᠰ ᠎ᠢ ᠬᠦᠯᠢᠶᠡᠨ ᠠᠪᠤᠪᠠᠯ᠂ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠨᠠᠶᠠ ᠶᠢᠰᠦᠳᠦᠭᠡᠷ ᠵᠦᠢᠯ  ᠠᠯᠪᠠᠨ ᠠᠵᠢᠯ ᠬᠢᠵᠦ ᠪᠠᠢᠭ᠎ᠠ ᠠᠵᠢᠯᠲᠠᠨ ᠵᠢᠴᠢ ᠲᠡᠭᠦᠨ᠎ᠦ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ ᠪᠣᠯᠤᠨ ᠪᠤᠰᠤᠳ ᠣᠨᠴᠠ ᠲᠣᠭᠲᠠᠭᠰᠠᠨ ᠬᠠᠷᠢᠴᠠᠭ᠎ᠠ᠎ᠲᠠᠢ ᠬᠥᠮᠦᠰ᠎ᠲᠦ ᠬᠡᠪ᠎ᠦᠨ ᠶᠠᠪᠤᠯᠴᠠᠭᠠᠨ᠎ᠤ ᠶᠣᠰᠤ ᠵᠤᠷᠱᠢᠯ᠎ᠠᠴᠠ ᠢᠯᠡᠷᠬᠡᠢ ᠳᠠᠪᠠᠭᠰᠠᠨ ᠪᠡᠯᠡᠭ ᠰᠡᠯᠲᠡ᠂ ᠪᠡᠯᠡᠭ᠎ᠦᠨ ᠵᠣᠭᠤᠰ᠂ ᠬᠡᠷᠡᠭᠯᠡᠭᠡᠨ᠎ᠦ ᠺᠠᠷᠲ ᠪᠣᠯᠤᠨ ᠦᠨᠡᠲᠦ ᠲᠡᠮᠳᠡᠭᠲᠦ᠂ ᠰᠲ᠋ᠤᠺ᠎ᠤᠨ ᠡᠷᠬᠡ᠂ ᠪᠤᠰᠤᠳ ᠮᠥᠩᠭᠦᠨ ᠭᠦᠢᠯᠭᠡᠭᠡᠨ᠎ᠦ ᠦᠢᠯᠡᠳᠬᠦᠨ ᠵᠡᠷᠭᠡ ᠡᠳ᠋ ᠪᠣᠳᠠᠰ ᠎ᠢ ᠬᠦᠷᠭᠡᠵᠦ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠶᠡᠷᠡᠳᠦᠭᠡᠷ ᠵᠦᠢᠯ  ᠬᠠᠮᠢᠶᠠᠷᠬᠤ ᠪᠠ ᠦᠢᠯᠡᠴᠢᠯᠡᠬᠦ ᠡᠲᠡᠭᠡᠳ᠎ᠦᠨ ᠵᠣᠭᠤᠰ ᠮᠥᠩᠭᠦ᠂ ᠣᠷᠤᠨ ᠰᠠᠭᠤᠴᠠ᠂ ᠮᠠᠱᠢᠨ ᠲᠡᠷᠭᠡ ᠵᠡᠷᠭᠡ᠎ᠶᠢ ᠵᠢᠭᠡᠯᠡᠨ ᠬᠡᠷᠡᠭᠯᠡᠭᠡᠳ᠂ ᠠᠯᠪᠠᠨ ᠠᠵᠢᠯ᠎ᠢ ᠲᠥᠪ ᠭᠣᠤᠯᠴᠢ᠎ᠪᠠᠷ ᠭᠦᠢᠴᠡᠳᠬᠡᠬᠦ᠎ᠶᠢ ᠨᠥᠯᠦᠭᠡᠯᠡᠵᠦ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠠᠷᠠᠳ᠎ᠤᠨ ᠳᠤᠮᠳᠠᠬᠢ ᠵᠢᠭᠡᠯᠡᠯᠭᠡ ᠵᠡᠷᠭᠡ ᠮᠥᠩᠭᠦᠨ ᠭᠦᠢᠯᠭᠡᠭᠡᠨ᠎ᠦ ᠠᠵᠢᠯᠯᠠᠭ᠎ᠠ᠎ᠪᠠᠷ ᠳᠠᠮᠵᠢᠨ ᠶᠡᠬᠡ ᠬᠡᠮᠵᠢᠶᠡᠨ᠎ᠦ ᠬᠠᠷᠢᠭᠤ ᠣᠯᠭᠤᠮᠵᠢ ᠣᠯᠵᠤ᠂ ᠠᠯᠪᠠᠨ ᠠᠵᠢᠯ ᠎ᠢ ᠲᠥᠪ ᠭᠣᠤᠯᠴᠢ᠎ᠪᠠᠷ ᠭᠦᠢᠴᠡᠳᠬᠡᠬᠦ᠎ᠶᠢ ᠨᠥᠯᠦᠭᠡᠯᠡᠭᠰᠡᠨ ᠪᠠᠢᠪᠠᠯ᠂ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠶᠡᠷᠡᠨ ᠨᠢᠭᠡᠳᠦᠭᠡᠷ ᠵᠦᠢᠯ  ᠡᠷᠬᠡ ᠲᠤᠱᠢᠶᠠᠯ ᠪᠤᠶᠤ ᠲᠤᠱᠢᠶᠠᠯ᠎ᠤᠨ ᠨᠥᠯᠦᠭᠡ᠎ᠪᠡᠨ ᠠᠱᠢᠭᠯᠠᠨ ᠬᠤᠷᠢᠮ ᠨᠠᠢᠷ ᠣᠷᠤᠱᠢᠭᠤᠯᠭ᠎ᠠ ᠪᠡᠯᠪᠡᠰᠦᠷᠡᠯ᠎ᠦᠨ ᠶᠠᠪᠤᠳᠠᠯ ᠎ᠢ ᠡᠷᠬᠢᠯᠡᠨ ᠬᠢᠵᠦ᠂ ᠨᠡᠢᠭᠡᠮ ᠳᠡᠭᠡᠷ᠎ᠡ ᠮᠠᠭᠤ ᠨᠥᠯᠦᠭᠡ ᠭᠠᠷᠭᠠᠭᠰᠠᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ; ᠵᠠᠪᠱᠢᠶᠠᠨ ᠎ᠢ ᠳᠠᠯᠢᠮᠳᠠᠭᠤᠯᠤᠨ ᠵᠣᠭᠤᠰ ᠮᠥᠩᠭᠦ ᠬᠤᠷᠢᠶᠠᠭᠰᠠᠨ ᠪᠤᠶᠤ ᠤᠯᠤᠰ᠂ ᠬᠠᠮᠲᠤ ᠨᠡᠢᠲᠡ ᠪᠣᠯᠤᠨ ᠠᠷᠠᠳ ᠲᠦᠮᠡᠨ᠎ᠦ ᠠᠱᠢᠭ ᠲᠤᠰᠠ᠎ᠲᠠᠢ ᠬᠠᠯᠳᠠᠭᠰᠠᠨ ᠪᠤᠰᠤᠳ ᠦᠢᠯᠡ ᠠᠵᠢᠯᠯᠠᠭ᠎ᠠ ᠬᠢᠭᠰᠡᠨ ᠪᠠᠢᠪᠠᠯ᠂ ᠬᠦᠨᠳᠦ᠎ᠪᠡᠷ ᠱᠢᠢᠳᠬᠡᠬᠦ ᠪᠤᠶᠤ ᠬᠦᠨᠳᠦᠷᠡᠭᠦᠯᠦᠨ ᠱᠢᠢᠳᠭᠡᠵᠦ᠂ ᠴᠢᠨᠠᠭᠱᠢᠯᠠᠪᠠᠯ ᠨᠠᠮ᠎ᠠᠴᠠ ᠬᠥᠭᠡᠭᠡᠨ᠎ᠡ᠃

  ᠶᠡᠷᠡᠨ ᠬᠣᠶᠠᠳᠤᠭᠠᠷ ᠵᠦᠢᠯ  ᠲᠥᠪ ᠭᠣᠤᠯᠴᠢ᠎ᠪᠠᠷ ᠠᠯᠪᠠᠨ ᠠᠵᠢᠯ ᠭᠦᠢᠴᠡᠳᠬᠡᠬᠦ᠎ᠶᠢ ᠨᠥᠯᠦᠭᠡᠯᠡᠵᠦ ᠮᠡᠳᠡᠬᠦ ᠳᠠᠢᠯᠠᠯᠭ᠎ᠠ ᠪᠤᠶᠤ ᠵᠤᠭᠠᠴᠠᠯ᠂ ᠪᠡᠶ᠎ᠡ ᠴᠢᠬᠢᠷᠠᠭᠵᠢᠭᠤᠯᠤᠯ᠂ ᠵᠤᠭ᠎ᠠ ᠴᠡᠩᠭᠡᠯ ᠵᠡᠷᠭᠡ ᠬᠥᠳᠡᠯᠭᠡᠭᠡᠨ᠎ᠦ ᠲᠣᠬᠢᠷᠠᠭᠤᠯᠤᠯᠲᠠ᠎ᠶᠢ ᠬᠦᠯᠢᠶᠡᠨ ᠠᠪᠬᠤ ᠪᠤᠶᠤ ᠬᠠᠩᠭᠠᠪᠠᠯ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠶᠡᠷᠡᠨ ᠭᠤᠷᠪᠠᠳᠤᠭᠠᠷ ᠵᠦᠢᠯ  ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠪᠡᠶ᠎ᠡ ᠴᠢᠭᠢᠷᠠᠭᠵᠢᠭᠤᠯᠬᠤ ᠬᠥᠳᠡᠯᠭᠡᠭᠡᠨ᠎ᠦ ᠺᠠᠷᠲ᠂ ᠨᠠᠭᠠᠳᠤᠮ ᠴᠤᠭᠯᠠᠭ᠎ᠠ᠎ᠶᠢᠨ ᠭᠠᠵᠠᠷ ᠪᠣᠯᠤᠨ ᠺᠯᠦ᠋ᠪ᠎ᠦᠨ ᠭᠡᠱᠢᠭᠦᠨ᠎ᠦ ᠺᠠᠷᠲ᠂ ᠭᠤᠯᠹ ᠪᠥᠮᠪᠦᠭᠡ ᠨᠠᠭᠠᠳᠭᠤ ᠺᠠᠷᠲ ᠵᠡᠷᠭᠡ ᠡᠯ᠎ᠡ ᠵᠦᠢᠯ᠎ᠦᠨ ᠬᠡᠷᠡᠭᠯᠡᠭᠡᠨ᠎ᠦ ᠺᠠᠷᠲ᠎ᠢ ᠣᠯᠤᠭᠰᠠᠨ᠂ ᠡᠵᠡᠮᠱᠢᠭᠰᠡᠨ᠂ ᠪᠣᠳᠠᠲᠠᠢ ᠬᠡᠷᠡᠭᠯᠡᠭᠰᠡᠨ ᠪᠠᠢᠪᠠᠯ᠂ ᠡᠰᠡᠬᠦᠯ᠎ᠡ ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠬᠤᠪᠢ ᠬᠥᠮᠦᠨ᠎ᠦ ᠨᠠᠭᠠᠳᠤᠮ ᠴᠤᠭᠯᠠᠭ᠎ᠠ᠎ᠶᠢᠨ ᠭᠠᠵᠠᠷ ᠣᠴᠢᠭᠰᠠᠨ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠶᠡᠷᠡᠨ ᠳᠥᠷᠪᠡᠳᠦᠭᠡᠷ ᠵᠦᠢᠯ  ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠠᠱᠢᠭ ᠬᠣᠨᠵᠢᠪᠤᠷᠢ ᠣᠯᠬᠤ ᠠᠵᠢᠯᠯᠠᠭ᠎ᠠ ᠬᠢᠵᠦ᠂ ᠳᠣᠤᠷᠠᠬᠢ ᠦᠢᠯᠡ ᠠᠵᠢᠯᠯᠠᠭ᠎ᠠ᠎ᠶᠢᠨ ᠨᠢᠭᠡ᠎ᠨᠢ ᠪᠠᠢᠪᠠᠯ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠄

  (ᠨᠢᠭᠡ) ᠬᠤᠳᠠᠯᠳᠤᠭ᠎ᠠ ᠡᠷᠬᠢᠯᠡᠨ ᠠᠵᠤ ᠠᠬᠤᠢᠯᠠᠯ ᠡᠵᠡᠩᠨᠡᠭᠰᠡᠨ;

  (ᠬᠣᠶᠠᠷ) ᠰᠲ᠋ᠤᠺ᠎ᠢᠶᠠᠨ ᠵᠠᠬ᠎ᠠ ᠳᠡᠯᠭᠡᠭᠦᠷ᠎ᠲᠦ ᠭᠠᠷᠭᠠᠭ᠎ᠠ᠎ᠦᠭᠡᠢ ᠺᠣᠮᠫᠠᠨᠢ (ᠠᠵᠤ ᠠᠬᠤᠢᠯᠠᠯ)᠎ᠤᠨ ᠬᠤᠪᠢᠴᠠᠭ᠎ᠠ ᠪᠤᠶᠤ ᠦᠨᠡᠲᠦ ᠲᠡᠮᠳᠡᠭᠲᠦ᠎ᠲᠡᠢ ᠪᠠᠢᠬᠤ;

  (ᠭᠤᠷᠪᠠ) ᠰᠲ᠋ᠤᠺ ᠠᠷᠠᠯᠵᠢᠶᠠᠯᠠᠭᠰᠠᠨ ᠪᠤᠶᠤ ᠪᠤᠰᠤᠳ ᠦᠨᠡᠲᠦ ᠲᠡᠮᠳᠡᠭᠲᠦ᠎ᠶᠢᠨ ᠪᠡᠯᠡ ᠣᠷᠤᠭᠤᠯᠤᠯᠲᠠ ᠬᠢᠭᠰᠡᠨ;

  (ᠳᠥᠷᠪᠡ) ᠲᠥᠯᠦᠪᠦᠷᠢ᠎ᠲᠡᠢ ᠵᠠᠭᠤᠴᠢᠯᠠᠬᠤ ᠠᠵᠢᠯᠯᠠᠭ᠎ᠠ ᠬᠢᠭᠰᠡᠨ;

  (ᠲᠠᠪᠤ) ᠤᠯᠤᠰ (ᠬᠢᠯᠢ)᠎ᠶᠢᠨ ᠭᠠᠳᠠᠨ᠎ᠠ ᠺᠣᠮᠫᠠᠨᠢ ᠳᠠᠩᠰᠠᠯᠠᠭᠤᠯᠤᠭᠰᠠᠨ ᠪᠤᠶᠤ ᠪᠡᠯᠡ ᠣᠷᠤᠭᠤᠯᠵᠤ ᠬᠤᠪᠢ ᠣᠷᠤᠭᠤᠯᠤᠭᠰᠠᠨ;

  (ᠵᠢᠷᠭᠤᠭ᠎ᠠ) ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠠᠱᠢᠭ ᠬᠣᠨᠵᠢᠪᠤᠷᠢ ᠣᠯᠬᠤ ᠪᠤᠰᠤᠳ ᠠᠵᠢᠯᠯᠠᠭ᠎ᠠ ᠬᠢᠭᠰᠡᠨ᠃

  ᠠᠵᠤ ᠠᠬᠤᠢᠯᠠᠯ᠎ᠢ ᠳᠠᠬᠢᠨ ᠪᠠᠢᠭᠤᠯᠵᠤ ᠲᠣᠭᠲᠠᠴᠠ᠎ᠶᠢ ᠬᠤᠪᠢᠷᠠᠭᠤᠯᠬᠤ᠂ ᠬᠠᠨᠳᠤᠯᠭ᠎ᠠ᠎ᠲᠠᠢ᠎ᠪᠠᠷ ᠠᠯᠪᠠᠨ ᠵᠢᠭᠡᠯᠡᠯᠭᠡ᠎ᠶᠢᠨ ᠲᠡᠮᠳᠡᠭᠲᠦ ᠵᠡᠷᠭᠡ᠎ᠶᠢ ᠨᠡᠮᠡᠭᠳᠡᠭᠦᠯᠦᠨ ᠲᠠᠷᠬᠠᠭᠠᠬᠤ᠂ ᠨᠡᠢᠯᠡᠭᠦᠯᠦᠨ ᠪᠡᠯᠡ ᠣᠷᠤᠭᠤᠯᠬᠤ᠂ ᠭᠠᠵᠠᠷ ᠱᠢᠷᠤᠢ᠎ᠶᠢᠨ ᠬᠡᠷᠡᠭᠯᠡᠯᠲᠡ᠎ᠶᠢᠨ ᠡᠷᠬᠡ᠎ᠶᠢ ᠱᠢᠯᠵᠢᠭᠦᠯᠬᠦ ᠵᠡᠷᠭᠡ᠎ᠶᠢᠨ ᠱᠢᠢᠳᠪᠦᠷᠢᠲᠦ ᠪᠣᠳᠤᠯᠭ᠎ᠠ ᠭᠠᠷᠭᠠᠬᠤ᠂ ᠬᠢᠨᠠᠨ ᠵᠥᠪᠱᠢᠶᠡᠷᠡᠬᠦ ᠶᠠᠪᠤᠴᠠ ᠳᠤᠮᠳᠠ ᠡᠵᠡᠮᠳᠡᠭᠰᠡᠨ ᠮᠡᠳᠡᠭᠡ ᠵᠠᠩᠭᠢ᠎ᠪᠠᠷ᠎ᠢᠶ᠋ᠠᠨ ᠰᠲ᠋ᠤᠺ ᠬᠤᠳᠠᠯᠳᠤᠭᠠᠯᠠᠨ᠂ ᠡᠷᠬᠡ ᠲᠤᠱᠢᠶᠠᠯ ᠪᠤᠶᠤ ᠲᠤᠱᠢᠶᠠᠯ᠎ᠤᠨ ᠨᠥᠯᠦᠭᠡ᠎ᠪᠡᠨ ᠠᠱᠢᠭᠯᠠᠨ ᠢᠲᠡᠭᠡᠮᠵᠢ᠎ᠶᠢᠨ ᠦᠢᠯᠡᠳᠬᠦᠨ᠂ ᠰᠠᠭᠤᠷᠢ ᠮᠥᠩᠭᠦ ᠬᠤᠳᠠᠯᠳᠤᠨ ᠠᠪᠬᠤ ᠵᠡᠷᠭᠡ ᠠᠷᠭ᠎ᠠ᠎ᠪᠠᠷᠢᠯ᠎ᠢᠶᠠᠷ ᠬᠡᠪ᠎ᠦᠨ ᠪᠤᠰᠤ᠎ᠪᠠᠷ ᠠᠱᠢᠭ ᠣᠯᠪᠠᠯ᠂ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠠᠵᠤ ᠠᠬᠤᠢ᠎ᠶᠢᠨ ᠵᠣᠬᠢᠶᠠᠨ ᠪᠠᠢᠭᠤᠯᠤᠯᠲᠠ᠂ ᠨᠡᠢᠭᠡᠮ᠎ᠦᠨ ᠵᠣᠬᠢᠶᠠᠨ ᠪᠠᠢᠭᠤᠯᠤᠯᠲᠠ ᠵᠡᠷᠭᠡ ᠨᠢᠭᠡᠴᠢ᠎ᠳᠦ ᠲᠤᠱᠢᠶᠠᠯ ᠬᠠᠪᠰᠤᠷᠭᠠᠬᠤ ᠪᠤᠶᠤ ᠵᠥᠪᠱᠢᠶᠡᠷᠡᠯ ᠣᠯᠵᠤ ᠲᠤᠱᠢᠶᠠᠯ ᠬᠠᠪᠰᠤᠷᠭᠠᠭᠰᠠᠨ ᠪᠣᠯᠪᠠᠴᠤ ᠴᠠᠯᠢᠩ᠂ ᠱᠠᠩᠨᠠᠯ᠎ᠤᠨ ᠮᠥᠩᠭᠦ᠂ ᠨᠡᠮᠡᠭᠦᠷᠢ ᠮᠥᠩᠭᠦ ᠵᠡᠷᠭᠡ ᠢᠯᠡᠭᠦᠴᠡ ᠠᠱᠢᠭ ᠣᠯᠪᠠᠯ᠂ ᠨᠢᠭᠡᠳᠦᠭᠡᠷ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠶᠡᠷᠡᠨ ᠲᠠᠪᠤᠳᠤᠭᠠᠷ ᠵᠦᠢᠯ  ᠡᠷᠬᠡ ᠲᠤᠱᠢᠶᠠᠯ ᠪᠣᠯᠤᠨ ᠲᠤᠱᠢᠶᠠᠯ᠎ᠤᠨ ᠨᠥᠯᠦᠭᠡ᠎ᠪᠡᠨ ᠠᠱᠢᠭᠯᠠᠨ᠂ ᠬᠠᠨᠢ ᠨᠥᠬᠦᠷ᠂ ᠦᠷ᠎ᠡ ᠬᠡᠦᠬᠡᠳ ᠪᠣᠯᠤᠨ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ ᠪᠣᠯᠤᠨ ᠪᠤᠰᠤᠳ ᠣᠨᠴᠠ ᠲᠣᠭᠲᠠᠭᠰᠠᠨ ᠬᠠᠷᠢᠴᠠᠭ᠎ᠠ᠎ᠲᠠᠢ ᠬᠥᠮᠦᠰ᠎ᠲᠦ ᠬᠢᠨᠠᠨ ᠵᠥᠪᠱᠢᠶᠡᠷᠡᠬᠦ ᠬᠢᠨᠠᠨ ᠬᠠᠮᠢᠶᠠᠷᠬᠤ᠂ ᠡᠬᠢ ᠪᠠᠶᠠᠯᠢᠭ ᠎ᠢ ᠨᠡᠭᠡᠭᠡᠨ ᠠᠱᠢᠭᠯᠠᠬᠤ᠂ ᠮᠥᠩᠭᠦᠨ ᠭᠦᠢᠯᠭᠡᠭᠡᠨ᠎ᠦ ᠢᠲᠡᠭᠡᠮᠵᠢᠲᠦ ᠵᠢᠭᠡᠯᠡᠯᠭᠡ᠂ ᠪᠥᠭᠡᠮ ᠲᠠᠸᠠᠷ ᠬᠤᠳᠠᠯᠳᠤᠨ ᠠᠪᠬᠤ᠂ ᠭᠠᠵᠠᠷ ᠱᠢᠷᠤᠢ᠎ᠶᠢᠨ ᠬᠡᠷᠡᠭᠯᠡᠯᠲᠡ᠎ᠶᠢᠨ ᠡᠷᠬᠡ᠎ᠶᠢ ᠱᠢᠯᠵᠢᠭᠦᠯᠬᠦ᠂ ᠭᠡᠷ ᠭᠠᠵᠠᠷ ᠬᠥᠷᠦᠩᠭᠡ᠎ᠶᠢᠨ ᠨᠡᠭᠡᠭᠡᠯᠲᠡ᠂᠎ᠪᠠᠷᠢᠯᠭ᠎ᠠ᠎ᠶᠢᠨ ᠳᠠᠭᠠᠭᠠᠴᠢᠯᠠᠯᠲᠠ ᠵᠠᠷᠯᠠᠵᠤ ᠳᠠᠭᠠᠭᠠᠴᠢᠯᠠᠯᠲᠠ ᠬᠦᠯᠢᠶᠡᠬᠦ ᠵᠢᠴᠢ ᠣᠯᠠᠨ ᠨᠡᠢᠲᠡ᠎ᠶᠢᠨ ᠡᠳ᠋᠎ᠦᠨ ᠵᠠᠰᠠᠭ᠎ᠤᠨ ᠵᠠᠷᠤᠯᠭ᠎ᠠ ᠵᠡᠷᠭᠡ ᠲᠠᠯ᠎ᠠ᠎ᠳᠤ ᠠᠱᠢᠭ ᠲᠤᠰᠠ ᠣᠯᠭᠤᠵᠤ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠡᠷᠬᠡ ᠲᠤᠱᠢᠶᠠᠯ ᠪᠤᠶᠤ ᠲᠤᠱᠢᠶᠠᠯ᠎ᠤᠨ ᠨᠥᠯᠦᠭᠡ᠎ᠪᠡᠨ ᠠᠱᠢᠭᠯᠠᠨ᠂ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ ᠪᠣᠯᠤᠨ ᠪᠤᠰᠤᠳ ᠣᠨᠴᠠ ᠲᠣᠭᠲᠠᠭᠰᠠᠨ ᠬᠠᠷᠢᠴᠠᠭ᠎ᠠ᠎ᠲᠠᠢ ᠬᠥᠮᠦᠰ᠎ᠲᠦ ᠬᠠᠳᠠᠭᠠᠯᠠᠮᠵᠢ᠎ᠶᠢᠨ ᠵᠣᠭᠤᠰ ᠣᠯᠵᠤ ᠦᠭᠭᠦ᠂ ᠮᠥᠩᠭᠦᠨ ᠭᠦᠢᠯᠭᠡᠭᠡᠨ᠎ᠦ ᠦᠢᠯᠡᠳᠬᠦᠨ ᠎ᠢ ᠪᠣᠷᠤᠯᠠᠭᠤᠯᠵᠤ ᠦᠭᠭᠦ ᠵᠡᠷᠭᠡ ᠬᠠᠪᠰᠤᠷᠤᠮᠵᠢ ᠬᠠᠩᠭᠠᠨ ᠠᠱᠢᠭ ᠲᠤᠰᠠ ᠣᠯᠭᠤᠪᠠᠯ᠂ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠶᠡᠷᠡᠨ ᠵᠢᠷᠭᠤᠳᠤᠭᠠᠷ ᠵᠦᠢᠯ  ᠨᠠᠮ᠎ᠤᠨ ᠭᠡᠱᠢᠭᠦᠨ ᠤᠳᠤᠷᠢᠳᠭᠤ ᠺᠠᠳ᠋ᠷ ᠲᠤᠱᠢᠶᠠᠯ᠎ᠠᠴᠠ᠎ᠪᠠᠨ ᠰᠠᠯᠤᠭᠰᠠᠨ ᠪᠤᠶᠤ ᠠᠵᠢᠯ᠎ᠠᠴᠠ᠎ᠪᠠᠨ ᠪᠠᠭᠤᠭᠰᠠᠨ (ᠠᠮᠠᠷᠠᠭᠰᠠᠨ)᠎ᠤ ᠳᠠᠷᠠᠭ᠎ᠠ᠂ ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠤᠤᠯ᠎ᠤᠨ ᠡᠭᠦᠷᠭᠡᠯᠡᠵᠦ ᠪᠠᠢᠭᠰᠠᠨ ᠲᠤᠱᠢᠶᠠᠯ᠎ᠤᠨ ᠬᠠᠮᠢᠶᠠᠷᠤᠨ ᠬᠠᠷᠢᠶᠠᠯᠠᠬᠤ ᠭᠠᠵᠠᠷ ᠣᠷᠤᠨ ᠪᠣᠯᠤᠨ ᠲᠤᠬᠠᠢᠯᠠᠭᠰᠠᠨ ᠠᠵᠢᠯ᠎ᠤᠨ ᠬᠡᠪᠴᠢᠶᠡᠨ᠎ᠳᠡᠬᠢ ᠠᠵᠤ ᠠᠬᠤᠢᠯᠠᠯ ᠪᠣᠯᠤᠨ ᠵᠠᠭᠤᠴᠢ ᠪᠠᠢᠭᠤᠯᠤᠮᠵᠢ᠎ᠶᠢᠨ ᠤᠷᠢᠵᠤ ᠬᠡᠷᠡᠭᠯᠡᠬᠦ᠎ᠶᠢ ᠬᠦᠯᠢᠶᠡᠬᠦ ᠪᠤᠶᠤ ᠬᠤᠪᠢ ᠬᠦ᠋ᠮᠦᠨ ᠤᠤᠯ᠎ᠤᠨ ᠡᠭᠦᠷᠭᠡᠯᠡᠵᠦ ᠪᠠᠢᠭᠰᠠᠨ ᠲᠤᠱᠢᠶᠠᠯ᠎ᠤᠨ ᠬᠠᠮᠢᠶᠠᠷᠤᠨ ᠬᠠᠷᠢᠶᠠᠯᠠᠬᠤ ᠲᠤᠬᠠᠢᠯᠠᠭᠰᠠᠨ ᠠᠵᠢᠯ᠎ᠲᠠᠢ ᠬᠣᠯᠪᠤᠭᠳᠠᠬᠤ ᠠᠱᠢᠭ ᠣᠯᠬᠤ ᠠᠵᠢᠯᠯᠠᠭ᠎ᠠ᠎ᠶᠢ ᠬᠢᠵᠦ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠨᠠᠮ᠎ᠤᠨ ᠭᠡᠱᠢᠭᠦᠨ ᠤᠳᠤᠷᠢᠳᠭᠤ ᠺᠠᠳ᠋ᠷ ᠲᠤᠱᠢᠶᠠᠯ᠎ᠠᠴᠠ᠎ᠪᠠᠨ ᠰᠠᠯᠤᠭᠰᠠᠨ ᠪᠤᠶᠤ ᠠᠵᠢᠯ᠎ᠠᠴᠠ᠎ᠪᠠᠨ ᠪᠠᠭᠤᠭᠰᠠᠨ (ᠠᠮᠠᠷᠠᠭᠰᠠᠨ)᠎ᠤ ᠳᠠᠷᠠᠭ᠎ᠠ ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠰᠲ᠋ᠤᠺ᠎ᠢᠶᠠᠨ ᠵᠠᠬ᠎ᠠ ᠳᠡᠯᠭᠡᠭᠦᠷ᠎ᠲᠦ ᠭᠠᠷᠭᠠᠭᠰᠠᠨ ᠺᠣᠮᠫᠠᠨᠢ᠂ ᠰᠠᠭᠤᠷᠢ ᠮᠥᠩᠭᠦᠨ᠎ᠦ ᠬᠠᠮᠢᠶᠠᠷᠤᠯᠲᠠ᠎ᠶᠢᠨ ᠺᠣᠮᠫᠠᠨᠢ᠎ᠶᠢᠨ ᠪᠡᠶ᠎ᠡ᠎ᠪᠡᠨ ᠳᠠᠭᠠᠭᠠᠭᠰᠠᠨ ᠬᠡᠷᠡᠭ ᠮᠡᠳᠡᠭᠴᠢ᠂ ᠪᠡᠶ᠎ᠡ᠎ᠪᠡᠨ ᠳᠠᠭᠠᠭᠠᠭᠰᠠᠨ ᠬᠡᠷᠡᠭ ᠬᠢᠨᠠᠭᠴᠢ ᠵᠡᠷᠭᠡ ᠲᠤᠱᠢᠶᠠᠯ᠎ᠢ ᠡᠭᠦᠷᠭᠡᠯᠡᠵᠦ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠶᠡᠷᠡᠨ ᠳᠣᠯᠤᠳᠤᠭᠠᠷ ᠵᠦᠢᠯ  ᠨᠠᠮ᠎ᠤᠨ ᠭᠡᠱᠢᠭᠦᠨ ᠤᠳᠤᠷᠢᠳᠭᠤ ᠺᠠᠳ᠋ᠷ᠎ᠤᠨ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠨ ᠲᠤᠰ ᠨᠠᠮ᠎ᠤᠨ ᠭᠡᠱᠢᠭᠦᠨ ᠤᠳᠤᠷᠢᠳᠭᠤ ᠺᠠᠳ᠋ᠷ᠎ᠤᠨ ᠬᠠᠮᠢᠶᠠᠷᠤᠨ ᠬᠠᠷᠢᠶᠠᠯᠠᠬᠤ ᠭᠠᠵᠠᠷ ᠣᠷᠤᠨ ᠪᠣᠯᠤᠨ ᠲᠤᠬᠠᠢᠯᠠᠭᠰᠠᠨ ᠠᠵᠢᠯ᠎ᠤᠨ ᠬᠡᠪᠴᠢᠶᠡᠨ ᠳᠣᠲᠤᠷ᠎ᠠ ᠲᠡᠭᠦᠨ᠎ᠦ ᠲᠥᠪ ᠭᠣᠤᠯᠴᠢ᠎ᠪᠠᠷ ᠠᠯᠪᠠᠨ ᠠᠵᠢᠯ ᠭᠦᠢᠴᠡᠳᠬᠡᠬᠦ᠎ᠶᠢ ᠨᠥᠯᠦᠭᠡᠯᠡᠵᠦ ᠮᠡᠳᠡᠬᠦ ᠡᠵᠡᠩᠨᠡᠯᠲᠡ᠎ᠶᠢᠨ ᠠᠵᠢᠯᠯᠠᠭ᠎ᠠ ᠬᠢᠬᠦ ᠪᠤᠶᠤ ᠲᠤᠰ ᠨᠠᠮ᠎ᠤᠨ ᠭᠡᠱᠢᠭᠦᠨ ᠤᠳᠤᠷᠢᠳᠭᠤ ᠺᠠᠳ᠋ᠷ᠎ᠤᠨ ᠬᠠᠮᠢᠶᠠᠷᠤᠨ ᠬᠠᠷᠢᠶᠠᠯᠠᠬᠤ ᠭᠠᠵᠠᠷ ᠣᠷᠤᠨ ᠪᠣᠯᠤᠨ ᠲᠤᠬᠠᠢᠯᠠᠭᠰᠠᠨ ᠠᠵᠢᠯ᠎ᠤᠨ ᠬᠡᠪᠴᠢᠶᠡᠨ ᠳᠣᠲᠤᠷ᠎ᠠ ᠭᠠᠳᠠᠭᠠᠳᠤ᠎ᠶᠢᠨ ᠬᠤᠳᠠᠯᠳᠤᠭᠠᠴᠢᠨ ᠭᠠᠭᠴᠠᠭᠠᠷ ᠪᠡᠯᠡ ᠣᠷᠤᠭᠤᠯᠤᠭᠰᠠᠨ ᠠᠵᠤ ᠠᠬᠤᠢᠯᠠᠯ᠂ ᠳᠤᠮᠳᠠᠳᠤ ᠭᠠᠳᠠᠭᠠᠳᠤ᠎ᠶᠢᠨ ᠪᠡᠯᠡ ᠨᠡᠢᠯᠡᠭᠦᠯᠦᠭᠰᠡᠨ ᠠᠵᠤ ᠠᠬᠤᠢᠯᠠᠯ᠎ᠳᠤ ᠭᠠᠳᠠᠭᠠᠳᠤ᠎ᠶᠢᠨ ᠲᠠᠯ᠎ᠠ᠎ᠶᠢᠨ ᠲᠣᠮᠢᠯᠠᠭᠰᠠᠨ᠂ ᠤᠷᠢᠵᠤ ᠬᠡᠷᠡᠭᠯᠡᠭᠰᠡᠨ ᠥᠨᠳᠦᠷ ᠵᠡᠷᠭᠡ᠎ᠶᠢᠨ ᠲᠤᠱᠢᠶᠠᠯ᠎ᠢ ᠡᠭᠦᠷᠭᠡᠯᠡᠭᠰᠡᠨ ᠪᠤᠶᠤ ᠲᠣᠭᠲᠠᠭᠠᠯ᠎ᠠᠴᠠ ᠵᠥᠷᠢᠴᠡᠵᠦ ᠲᠤᠱᠢᠶᠠᠯ ᠡᠭᠦᠷᠭᠡᠯᠡᠭᠰᠡᠨ᠂ ᠲᠤᠱᠢᠶᠠᠯ ᠬᠠᠪᠰᠤᠷᠭᠠᠨ ᠡᠭᠦᠷᠭᠡᠯᠡᠵᠦ ᠬᠥᠯᠦᠰᠦ ᠣᠯᠭᠤᠮᠵᠢ ᠣᠯᠤᠭᠰᠠᠨ ᠪᠠᠢᠪᠠᠯ᠂ ᠲᠤᠰ ᠨᠠᠮ᠎ᠤᠨ ᠭᠡᠱᠢᠭᠦᠨ ᠤᠳᠤᠷᠢᠳᠭᠤ ᠺᠠᠳ᠋ᠷ ᠲᠣᠭᠲᠠᠭᠠᠯ ᠶᠣᠰᠤᠭᠠᠷ ᠵᠠᠯᠠᠷᠠᠭᠤᠯᠬᠤ ᠬᠡᠷᠡᠭᠲᠡᠢ; ᠥᠪᠡᠷ᠎ᠦᠨ᠎ᠢᠶᠡᠨ᠎ᠪᠠᠷᠢᠮᠲᠠᠯᠠᠭᠠᠳ ᠦᠯᠦ ᠵᠠᠯᠠᠷᠠᠭᠤᠯᠪᠠᠯ᠂ ᠲᠡᠭᠦᠨ᠎ᠦ ᠬᠤᠪᠢ ᠬᠥᠮᠦᠨ ᠣᠲᠤ᠎ᠶᠢᠨ ᠡᠭᠦᠷᠭᠡᠯᠡᠵᠦ ᠪᠠᠢᠭ᠎ᠠ ᠲᠤᠱᠢᠶᠠᠯ᠎ᠠᠴᠠ᠎ᠪᠠᠨ ᠪᠠᠭᠤᠬᠤ ᠪᠤᠶᠤ ᠵᠣᠬᠢᠶᠠᠨ ᠪᠠᠢᠭᠤᠯᠤᠯᠲᠠ᠎ᠠᠴᠠ ᠲᠤᠱᠢᠶᠠᠯ ᠎ᠢ ᠎ᠨᠢ ᠲᠣᠬᠢᠷᠠᠭᠤᠯᠤᠨ᠎ᠠ; ᠣᠲᠤ᠎ᠶᠢᠨ ᠡᠭᠦᠷᠭᠡᠯᠡᠵᠦ ᠪᠠᠢᠭ᠎ᠠ ᠲᠤᠱᠢᠶᠠᠯ᠎ᠠᠴᠠ᠎ᠪᠠᠨ ᠪᠠᠭᠤᠬᠤ᠎ᠦᠭᠡᠢ ᠪᠤᠶᠤ ᠵᠣᠬᠢᠶᠠᠨ ᠪᠠᠢᠭᠤᠯᠤᠯᠲᠠ᠎ᠶᠢᠨ ᠲᠤᠱᠢᠶᠠᠯ᠎ᠤᠨ ᠲᠣᠬᠢᠷᠠᠭᠤᠯᠤᠯᠲᠠ᠎ᠶᠢ ᠳᠠᠭᠠᠬᠤ᠎ᠦᠭᠡᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠶᠡᠷᠡᠨ ᠨᠠᠢ᠍ᠮᠠᠳᠤᠭᠠᠷ ᠵᠦᠢᠯ  ᠨᠠᠮ ᠪᠠ ᠲᠥᠷᠦ᠎ᠶᠢᠨ ᠪᠠᠢᠭᠤᠯᠭ᠎ᠠ ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠵᠦ ᠬᠤᠳᠠᠯᠳᠤᠭ᠎ᠠ ᠡᠷᠬᠢᠯᠡᠨ ᠠᠵᠤ ᠠᠬᠤᠢᠯᠠᠯ ᠡᠵᠡᠩᠨᠡᠪᠡᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠠ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠶᠠᠷᠢ ᠶᠢᠰᠦᠳᠦᠭᠡᠷ ᠵᠦᠢᠯ  ᠨᠠᠮ᠎ᠤᠨ ᠭᠡᠱᠢᠭᠦᠨ ᠤᠳᠤᠷᠢᠳᠭᠤ ᠺᠠᠳ᠋ᠷ ᠠᠵᠢᠯ᠂ ᠠᠮᠢᠳᠤᠷᠠᠯ᠎ᠤᠨ ᠪᠠᠲᠤᠯᠠᠭ᠎ᠠ᠎ᠶᠢᠨ ᠳᠦᠷᠢᠮ᠎ᠡᠴᠡ ᠵᠥᠷᠢᠴᠡᠵᠦ᠂ ᠵᠠᠮ ᠬᠠᠷᠢᠯᠴᠠᠭ᠎ᠠ᠂ ᠡᠮ ᠡᠮᠨᠡᠯᠭᠡ᠂ ᠰᠡᠷᠭᠡᠢᠯᠡᠨ ᠬᠠᠮᠠᠭᠠᠯᠠᠯᠲᠠ ᠵᠡᠷᠭᠡ ᠲᠠᠯ᠎ᠠ᠎ᠪᠠᠷ ᠬᠤᠪᠢ ᠪᠡᠶ᠎ᠡ᠂ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ ᠪᠣᠯᠤᠨ ᠪᠤᠰᠤᠳ ᠣᠨᠴᠠ ᠲᠣᠭᠲᠠᠭᠰᠠᠨ ᠬᠠᠷᠢᠴᠠᠭ᠎ᠠ᠎ᠲᠠᠢ ᠬᠥᠮᠦᠰ᠎ᠲᠦ ᠣᠨᠴᠠ ᠬᠦᠷᠲᠡᠭᠡᠮᠵᠢ᠎ᠶᠢ ᠣᠯᠭᠤᠵᠤ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠵᠠᠭᠤᠳᠤᠭᠠᠷ ᠵᠦᠢᠯ  ᠣᠷᠤᠨ ᠰᠠᠭᠤᠴᠠ ᠬᠤᠪᠢᠶᠠᠷᠢᠯᠠᠬᠤ᠂ ᠬᠤᠳᠠᠯᠳᠤᠨ ᠠᠪᠬᠤ ᠳᠤᠮᠳᠠ ᠤᠯᠤᠰ᠂ ᠬᠠᠮᠲᠤ ᠨᠡᠢᠲᠡ᠎ᠶᠢᠨ ᠠᠱᠢᠭ ᠲᠤᠰᠠ᠎ᠲᠠᠢ ᠬᠠᠯᠳᠠᠵᠤ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠠᠭᠤ ᠪᠥᠭᠡᠳ ᠨᠢᠭᠡᠳᠦᠭᠡᠷ ᠵᠦᠢᠯ  ᠡᠷᠬᠡ ᠲᠤᠱᠢᠶᠠᠯ ᠪᠤᠶᠤ ᠲᠤᠱᠢᠶᠠᠯ᠎ᠤᠨ ᠨᠥᠯᠦᠭᠡ᠎ᠪᠡᠨ ᠠᠱᠢᠭᠯᠠᠨ᠂ ᠲᠤᠰ ᠬᠥᠮᠦᠨ ᠡᠷᠬᠢᠯᠡᠨ ᠬᠠᠮᠢᠶᠠᠷᠴᠤ ᠪᠠᠢᠭ᠎ᠠ ᠪᠤᠰᠤ ᠠᠯᠪᠠᠨ᠎ᠤ ᠪᠠ ᠬᠤᠪᠢ᠎ᠶᠢᠨ ᠡᠳ᠋ ᠪᠣᠳᠠᠰ᠎ᠢ ᠡᠵᠡᠯᠡᠨ ᠠᠪᠤᠭᠰᠠᠨ ᠪᠤᠶᠤ ᠪᠡᠯᠭᠡᠳᠡᠯ᠎ᠦᠨ ᠴᠢᠨᠠᠷᠲᠠᠢ᠎ᠪᠠᠷ ᠵᠣᠭᠤᠰ ᠮᠥᠩᠭᠦ ᠳᠥᠯᠦᠬᠦ ᠵᠡᠷᠭᠡ ᠠᠷᠭ᠎ᠠ ᠬᠡᠯᠪᠡᠷᠢ᠎ᠪᠡᠷ ᠳᠠᠮᠵᠢᠨ ᠠᠯᠪᠠᠨ᠎ᠤ ᠪᠠ ᠬᠤᠪᠢ᠎ᠶᠢᠨ ᠡᠳ᠋ ᠬᠣᠭᠱᠢᠯ᠎ᠢ ᠡᠵᠡᠯᠡᠨ ᠠᠪᠤᠭᠰᠠᠨ ᠪᠤᠶᠤ ᠲᠥᠯᠦᠪᠦᠷᠢ᠎ᠦᠭᠡᠢ᠎ᠪᠡᠷ᠂ ᠪᠡᠯᠭᠡᠳᠡᠯ᠎ᠦᠨ ᠴᠢᠨᠠᠷᠲᠠᠢ᠎ᠪᠠᠷ ᠬᠠᠷᠠᠮᠵᠢ ᠦᠭᠴᠦ ᠦᠢᠯᠡᠴᠢᠯᠡᠭᠡ ᠬᠦᠯᠢᠶᠡᠭᠰᠡᠨ᠂ ᠬᠥᠳᠡᠯᠮᠦᠷᠢ ᠬᠦᠴᠦ᠎ᠶᠢ ᠬᠡᠷᠡᠭᠯᠡᠭᠰᠡᠨ ᠪᠠᠢᠵᠤ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠡᠷᠬᠡ ᠲᠤᠱᠢᠶᠠᠯ ᠪᠤᠶᠤ ᠲᠤᠱᠢᠶᠠᠯ᠎ᠤᠨ ᠨᠥᠯᠦᠭᠡ᠎ᠪᠡᠨ ᠠᠱᠢᠭᠯᠠᠨ᠂ ᠲᠤᠰ ᠪᠡᠶ᠎ᠡ᠂ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠵᠡᠷᠭᠡ ᠲᠥᠷᠦᠯ ᠰᠠᠳᠤᠨ ᠥᠪᠡᠷ᠎ᠢᠶᠡᠨ ᠲᠤᠱᠢᠶᠠᠬᠤ ᠶᠣᠰᠤᠲᠠᠢ ᠵᠠᠷᠤᠯᠭ᠎ᠠ᠎ᠶᠢ᠂ ᠬᠠᠷᠢᠶᠠᠯᠠᠭᠳᠠᠬᠤ ᠨᠢᠭᠡᠴᠢ᠂ ᠪᠤᠰᠤᠳ ᠨᠢᠭᠡᠴᠢ ᠪᠤᠶᠤ ᠪᠤᠰᠤᠳ ᠬᠥᠮᠦᠨ᠎ᠢᠶᠡᠷ ᠲᠥᠯᠦᠭᠦᠯᠵᠦ᠂ ᠳᠠᠩᠰᠠ᠎ᠲᠠᠢᠯᠤᠭᠤᠯᠤᠭᠰᠠᠨ ᠪᠠᠢᠪᠠᠯ᠂ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠵᠠᠭᠤ ᠪᠥᠭᠡᠳ ᠬᠣᠶᠠᠳᠤᠭᠠᠷ ᠵᠦᠢᠯ  ᠡᠷᠬᠡ ᠲᠤᠱᠢᠶᠠᠯ ᠪᠤᠶᠤ ᠲᠤᠱᠢᠶᠠᠯ᠎ᠤᠨ ᠨᠥᠯᠦᠭᠡ᠎ᠪᠡᠨ ᠠᠱᠢᠭᠯᠠᠵᠤ᠂ ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠨ ᠠᠯᠪᠠᠨ᠎ᠤ ᠡᠳ᠋ ᠎ᠢ ᠡᠵᠡᠯᠡᠨ ᠬᠤᠪᠢ ᠬᠥᠮᠦᠨ᠎ᠦ᠎ᠪᠡᠨ ᠪᠣᠯᠭᠠᠨ ᠬᠡᠷᠡᠭᠯᠡᠭᠡᠳ ᠬᠤᠭᠤᠴᠠᠭ᠎ᠠ᠎ᠨᠢ 6 ᠰᠠᠷ᠎ᠠ᠎ᠶᠢ ᠬᠡᠲᠦᠷᠡᠵᠦ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠃

  ᠠᠯᠪᠠᠨ᠎ᠤ ᠡᠳ᠋ ᠎ᠢ ᠡᠵᠡᠯᠡᠨ ᠬᠡᠷᠡᠭᠯᠡᠵᠦ ᠠᠱᠢᠭ ᠣᠯᠵᠠᠪᠤᠷᠢ ᠣᠯᠬᠤ ᠠᠵᠢᠯᠯᠠᠭ᠎ᠠ ᠬᠢᠭᠰᠡᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ᠃ ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠠᠯᠪᠠᠨ᠎ᠤ ᠡᠳ᠋ ᠎ᠢ ᠪᠤᠰᠤᠳ ᠬᠥᠮᠦᠨ᠎ᠳᠦ ᠵᠢᠭᠡᠯᠡᠭᠦᠯᠦᠨ ᠦᠭᠴᠤ ᠠᠱᠢᠭ ᠣᠯᠵᠠᠪᠤᠷᠢ ᠣᠯᠬᠤ ᠠᠵᠢᠯᠯᠠᠭ᠎ᠠ ᠬᠢᠯᠭᠡᠪᠡᠯ᠂ ᠡᠮᠦᠨᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠵᠠᠭᠤ ᠪᠥᠭᠡᠳ ᠭᠤᠷᠪᠠᠳᠤᠭᠠᠷ ᠵᠦᠢᠯ  ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠨ ᠠᠯᠪᠠᠨ ᠵᠠᠷᠤᠳᠠᠯ᠎ᠢᠶᠠᠷ ᠲᠣᠭᠠᠴᠠᠭ᠎ᠠ ᠬᠢᠭᠰᠡᠨ ᠳᠠᠢᠯᠠᠯᠭ᠎ᠠ᠂ ᠥᠨᠳᠦᠷ ᠬᠡᠷᠡᠭᠯᠡᠭᠡᠨ᠎ᠦ ᠵᠤᠭ᠎ᠠ ᠴᠡᠩᠭᠡᠯ᠂ ᠪᠡᠶ᠎ᠡ ᠴᠢᠭᠢᠷᠠᠭᠵᠢᠭᠤᠯᠬᠤ ᠠᠵᠢᠯᠯᠠᠭ᠎ᠠ᠎ᠶᠢ ᠵᠣᠬᠢᠶᠠᠨ ᠪᠠᠢᠭᠤᠯᠤᠭᠰᠠᠨ ᠪᠤᠶᠤ ᠣᠷᠤᠯᠴᠠᠭᠰᠠᠨ᠂ ᠡᠰᠡᠬᠦᠯ᠎ᠡ ᠠᠯᠪᠠᠨ ᠵᠠᠷᠤᠳᠠᠯ᠎ᠢᠶᠠᠷ ᠪᠡᠯᠡᠭ ᠰᠡᠯᠲᠡ᠂ ᠬᠡᠷᠡᠭᠯᠡᠭᠡᠨ᠎ᠦ ᠺᠠᠷᠲ (ᠦᠨᠡᠲᠦ ᠲᠡᠮᠳᠡᠭᠲᠦ) ᠵᠡᠷᠭᠡ ᠬᠤᠳᠠᠯᠳᠤᠨ ᠠᠪᠴᠤ ᠬᠦᠷᠭᠡᠭᠰᠡᠨ ᠪᠤᠶᠤ ᠲᠠᠷᠬᠠᠭᠠᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠬᠥᠩᠭᠡᠨ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠵᠠᠭᠤ ᠪᠥᠭᠡᠳ ᠳᠥᠷᠪᠡᠳᠦᠭᠡᠷ ᠵᠦᠢᠯ  ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠨ ᠴᠠᠯᠢᠩ ᠬᠥᠯᠦᠰᠦ᠎ᠶᠢ ᠥᠪᠡᠷ᠎ᠲᠤ᠎ᠪᠠᠨ ᠲᠣᠭᠲᠠᠭᠠᠬᠤ ᠪᠤᠶᠤ ᠨᠡᠮᠡᠭᠦᠷᠢ ᠮᠥᠩᠭᠦ᠂ ᠨᠥᠬᠦᠪᠦᠷᠢ ᠮᠥᠩᠭᠦ᠂ ᠱᠠᠩᠨᠠᠯ᠎ᠤᠨ ᠮᠥᠩᠭᠦ ᠵᠡᠷᠭᠡ᠎ᠶᠢ ᠳᠤᠷ᠎ᠠ᠎ᠪᠠᠷ᠎ᠢᠶᠠᠨ ᠲᠠᠷᠬᠠᠭᠠᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠬᠥᠩᠭᠡᠨ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠵᠠᠭᠤ ᠪᠥᠭᠡᠳ ᠲᠠᠪᠤᠳᠤᠭᠠᠷ ᠵᠦᠢᠯ  ᠳᠣᠤᠷ᠎ᠠ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ ᠬᠢᠭᠰᠡᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠬᠥᠩᠭᠡᠨ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠤᠭᠴᠠᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠄

  (ᠨᠢᠭᠡ) ᠠᠯᠪᠠᠨ ᠵᠣᠭᠤᠰ᠎ᠢᠶᠠᠷ ᠵᠤᠭᠠᠴᠠᠭᠰᠠᠨ ᠪᠤᠶᠤ ᠰᠤᠷᠤᠯᠴᠠᠨ ᠪᠣᠯᠪᠠᠰᠤᠷᠠᠬᠤ᠂ ᠱᠢᠨᠵᠢᠯᠡᠨ ᠪᠠᠢᠴᠠᠭᠠᠵᠤ ᠪᠠᠢᠴᠠᠭᠠᠨ ᠰᠤᠳᠤᠯᠬᠤ᠂ ᠠᠵᠢᠯᠲᠠᠨ ᠠᠵᠢᠯᠴᠢᠨ᠎ᠤ ᠰᠤᠪᠢᠯᠠᠯᠲᠠ ᠵᠡᠷᠭᠡ᠎ᠨᠡᠷ᠎ᠡ᠎ᠪᠡᠷ ᠬᠡᠯᠪᠡᠷᠢ᠎ᠶᠢ᠎ᠨᠢ ᠥᠭᠡᠷᠡᠲᠦᠭᠦᠯᠦᠨ ᠠᠯᠪᠠᠨ ᠵᠣᠭᠤᠰ᠎ᠢᠶᠠᠷ ᠵᠤᠭᠠᠴᠠᠭᠰᠠᠨ;

  (ᠬᠣᠶᠠᠷ) ᠠᠯᠪᠠᠨ ᠶᠠᠪᠤᠳᠠᠯ᠎ᠤᠨ ᠵᠠᠮ ᠶᠠᠪᠤᠴᠠ᠎ᠶᠢ ᠬᠤᠪᠢᠷᠠᠭᠤᠯᠵᠤ᠂ ᠲᠣᠬᠢᠶᠠᠯ᠎ᠢ ᠠᠱᠢᠭᠯᠠᠵᠤ ᠵᠤᠭᠠᠴᠠᠭᠰᠠᠨ;

  (ᠭᠤᠷᠪᠠ) ᠬᠠᠮᠢᠶᠠᠷᠤᠭᠳᠠᠬᠤ ᠠᠵᠤ ᠠᠬᠤᠢᠯᠠᠯ᠂ ᠬᠠᠷᠢᠶ᠎ᠠ ᠨᠢᠭᠡᠴᠢ᠎ᠡᠴᠡ ᠵᠣᠬᠢᠶᠠᠨ ᠪᠠᠢᠭᠤᠯᠤᠭᠰᠠᠨ ᠱᠢᠨᠵᠢᠯᠡᠨ ᠪᠠᠢᠴᠠᠭᠠᠬᠤ ᠠᠵᠢᠯᠯᠠᠭ᠎ᠠ᠎ᠳᠤ ᠣᠷᠤᠯᠴᠠᠵᠤ᠂ ᠲᠣᠬᠢᠶᠠᠯ ᠎ᠢ ᠠᠱᠢᠭᠯᠠᠵᠤ ᠵᠤᠭᠠᠴᠠᠭᠰᠠᠨ᠃

  ᠱᠢᠨᠵᠢᠯᠡᠨ ᠪᠠᠢᠴᠠᠭᠠᠬᠤ᠂ ᠰᠤᠷᠤᠯᠴᠠᠬᠤ᠂ ᠪᠣᠯᠪᠠᠰᠤᠷᠠᠬᠤ᠂ ᠰᠤᠳᠤᠯᠤᠨ ᠶᠠᠷᠢᠯᠴᠠᠬᠤ᠂ ᠠᠷᠠᠯᠵᠢᠶᠠᠴᠢᠨ ᠤᠷᠢᠬᠤ᠂ ᠳᠡᠯᠭᠡᠨ ᠦᠵᠡᠭᠦᠯᠭᠡ᠎ᠳᠦ ᠣᠷᠤᠯᠴᠠᠬᠤ ᠵᠡᠷᠭᠡ᠎ᠨᠡᠷ᠎ᠡ᠎ᠪᠡᠷ ᠬᠡᠯᠪᠡᠷᠢ᠎ᠶᠢ᠎ᠨᠢ ᠥᠭᠡᠷᠡᠲᠦᠭᠦᠯᠦᠨ ᠠᠯᠪᠠᠨ ᠵᠣᠭᠤᠰ᠎ᠢᠶᠠᠷ ᠭᠠᠳᠠᠭᠠᠳᠤ (ᠬᠢᠯᠢ)᠎ᠳᠦ ᠭᠠᠷᠴᠤ ᠵᠤᠭᠠᠴᠠᠭᠰᠠᠨ ᠪᠠᠢᠪᠠᠯ᠂ ᠳᠡᠭᠡᠷᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠵᠠᠭᠤ ᠪᠥᠭᠡᠳ ᠵᠢᠷᠭᠤᠳᠤᠭᠠᠷ ᠵᠦᠢᠯ   ᠠᠯᠪᠠᠨ ᠶᠠᠪᠤᠳᠠᠯ᠎ᠤᠨ ᠵᠣᠴᠢᠯᠠᠭ᠎ᠠ᠎ᠶᠢᠨ ᠬᠠᠮᠢᠶᠠᠷᠤᠯᠲᠠ᠎ᠶᠢᠨ ᠲᠣᠭᠲᠠᠭᠠᠯ᠎ᠠᠴᠠ ᠵᠥᠷᠢᠴᠡᠵᠦ᠂᠎ᠪᠠᠷᠢᠮᠵᠢᠶ᠎ᠠ᠎ᠠᠴᠠ ᠬᠡᠲᠦᠷᠡᠭᠦᠯᠬᠦ ᠪᠠ ᠬᠦᠷᠢᠶ᠎ᠡ ᠬᠡᠪᠴᠢᠶ᠎ᠡ᠎ᠡᠴᠡ ᠬᠡᠲᠦᠷᠡᠭᠦᠯᠦᠨ ᠵᠣᠴᠢᠯᠠᠭᠰᠠᠨ ᠪᠤᠶᠤ ᠲᠣᠬᠢᠶᠠᠯ᠎ᠢ ᠠᠱᠢᠭᠯᠠᠨ ᠶᠡᠬᠡ᠎ᠪᠡᠷ ᠢᠳᠡᠵᠦ ᠤᠤᠭᠤᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠃

  ᠵᠠᠭᠤ ᠪᠥᠭᠡᠳ ᠳᠣᠯᠤᠳᠤᠭᠠᠷ ᠵᠦᠢᠯ  ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠨ ᠠᠯᠪᠠᠨ ᠶᠠᠪᠤᠳᠠᠯ᠎ᠤᠨ ᠵᠠᠮ ᠬᠠᠷᠢᠯᠴᠠᠭᠠᠨ᠎ᠤ ᠪᠠᠭᠠᠵᠢ ᠲᠣᠬᠢᠷᠠᠭᠤᠯᠬᠤ᠂ ᠬᠤᠳᠠᠯᠳᠤᠨ ᠠᠪᠬᠤ᠂ ᠰᠣᠯᠢᠬᠤ᠂ ᠵᠠᠰᠠᠨ ᠱᠢᠨᠡᠳᠬᠡᠬᠦ ᠪᠤᠶᠤ ᠠᠯᠪᠠᠨ ᠠᠵᠢᠯ᠎ᠤᠨ ᠵᠠᠮ ᠬᠠᠷᠢᠯᠴᠠᠭᠠᠨ᠎ᠤ ᠪᠠᠭᠠᠵᠢ ᠶᠢᠨ ᠬᠠᠮᠢᠶᠠᠷᠤᠯᠲᠠ᠎ᠶᠢᠨ ᠪᠤᠰᠤᠳ ᠲᠣᠭᠲᠠᠭᠠᠯ ᠎ᠢ ᠵᠥᠷᠢᠴᠡᠭᠰᠡᠨ ᠪᠠᠢᠬᠤ ᠦᠢᠯᠡ ᠠᠵᠢᠯᠯᠠᠭ᠎ᠠ᠎ᠲᠠᠢ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ᠃

  ᠵᠠᠭᠤ ᠪᠥᠭᠡᠳ ᠨᠠᠢ᠍ᠮᠠᠳᠤᠭᠠᠷ ᠵᠦᠢᠯ  ᠬᠤᠷᠠᠯ ᠠᠵᠢᠯᠯᠠᠭᠠᠨ᠎ᠤ ᠬᠠᠮᠢᠶᠠᠷᠤᠯᠲᠠ᠎ᠶᠢᠨ ᠲᠣᠭᠲᠠᠭᠠᠯ᠎ᠠᠴᠠ ᠵᠥᠷᠢᠴᠡᠵᠦ᠂ ᠳᠣᠤᠷᠠᠬᠢ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ᠎ᠨᠢ ᠬᠢᠭᠰᠡᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠤᠶᠤ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠄

  (ᠨᠢᠭᠡ) ᠬᠤᠷᠠᠯ ᠴᠤᠭᠯᠠᠭ᠎ᠠ ᠬᠢᠬᠦ᠎ᠶᠢ ᠴᠠᠭᠠᠵᠠᠯᠠᠭᠰᠠᠨ᠎ᠨᠡᠷᠡᠲᠦ ᠦᠵᠡᠮᠵᠢ᠎ᠶᠢᠨ ᠣᠷᠤᠨ᠎ᠳᠤ ᠣᠴᠢᠵᠤ ᠬᠤᠷᠠᠯ ᠬᠢᠭᠰᠡᠨ;

  (ᠬᠣᠶᠠᠷ) ᠡᠯ᠎ᠡ ᠲᠥᠷᠦᠯ᠎ᠦᠨ ᠪᠠᠶᠠᠷ ᠳᠤᠷᠠᠰᠭᠠᠯ᠂ ᠪᠡᠯᠭᠡᠯᠡᠬᠦ ᠠᠵᠢᠯᠯᠠᠭ᠎ᠠ ᠡᠷᠬᠢᠯᠡᠬᠦ᠎ᠶᠢ ᠲᠣᠭᠲᠠᠭᠠᠭᠰᠠᠨ ᠪᠤᠶᠤ ᠵᠥᠪᠱᠢᠶᠡᠷᠡᠭᠰᠡᠨ;

  ᠪᠠᠷᠢᠮᠵᠢᠶ᠎ᠠ᠎ᠳᠤ ᠬᠦᠷᠦᠭᠰᠡᠨ᠎ᠢ ᠱᠢᠯᠭᠠᠨ ᠠᠳᠠᠯᠢᠳᠭᠠᠵᠤ ᠬᠥᠬᠢᠭᠦᠯᠦᠨ ᠰᠠᠢᠱᠢᠶᠠᠬᠤ ᠠᠵᠢᠯᠯᠠᠭ᠎ᠠ᠎ᠶᠢ ᠳᠤᠷ᠎ᠠ᠎ᠪᠠᠷ᠎ᠢᠶᠠᠨ ᠡᠷᠬᠢᠯᠡᠭᠰᠡᠨ ᠪᠤᠶᠤ ᠪᠠᠷᠢᠮᠵᠢᠶ᠎ᠠ᠎ᠳᠤ ᠬᠦᠷᠦᠭᠰᠡᠨ᠎ᠢ ᠱᠢᠯᠭᠠᠨ ᠠᠳᠠᠯᠢᠳᠭᠠᠵᠤ ᠬᠥᠬᠢᠭᠦᠯᠦᠨ ᠰᠠᠢᠱᠢᠶᠠᠬᠤ ᠠᠵᠢᠯᠯᠠᠭ᠎ᠠ᠎ᠶᠢ ᠳᠠᠯᠢᠮᠳᠠᠭᠤᠯᠤᠨ ᠰᠦᠢᠳᠬᠡᠯ ᠬᠤᠷᠢᠶᠠᠪᠠᠯ ᠳᠡᠭᠡᠷᠡᠬᠢ ᠵᠤᠷᠪᠤᠰ᠎ᠤᠨ ᠲᠣᠭᠲᠠᠭᠠᠯ ᠶᠣᠰᠤᠭᠠᠷ ᠱᠢᠢᠳᠪᠦᠷᠢᠯᠡᠨ᠎ᠡ᠃

  ᠵᠠᠭᠤ ᠪᠥᠭᠡᠳ ᠶᠢᠰᠦᠳᠦᠭᠡᠷ ᠵᠦᠢᠯ  ᠠᠯᠪᠠᠨ ᠶᠠᠪᠤᠳᠠᠯ᠎ᠳᠤ ᠬᠡᠷᠡᠭᠯᠡᠬᠦ ᠭᠡᠷ᠎ᠦᠨ ᠬᠠᠮᠢᠶᠠᠷᠤᠯᠲᠠ ᠵᠡᠷᠭᠡ ᠲᠣᠭᠲᠠᠭᠠᠯ᠎ᠠᠴᠠ ᠵᠥᠷᠢᠴᠡᠵᠦ᠂ ᠳᠣᠤᠷᠠᠬᠢ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ ᠬᠢᠭᠰᠡᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠤᠶᠤ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠡ᠄

  (ᠨᠢᠭᠡ) ᠠᠯᠪᠠᠨ ᠠᠰᠠᠷ᠂ ᠪᠣᠯᠪᠠᠰᠤᠷᠠᠯ᠎ᠤᠨ ᠲᠥᠪ ᠵᠡᠷᠭᠡ ᠠᠰᠠᠷ ᠲᠠᠩᠬᠢᠮ ᠣᠷᠳᠤᠨ ᠪᠠᠭᠤᠳᠠᠯ ᠪᠠᠢᠭᠤᠯᠬᠤ ᠪᠤᠶᠤ ᠵᠠᠰᠠᠵᠤ ᠴᠢᠮᠡᠬᠦ᠎ᠪᠡᠷ ᠲᠣᠭᠲᠠᠭᠠᠭᠰᠠᠨ ᠪᠤᠶᠤ ᠵᠥᠪᠱᠢᠶᠡᠷᠡᠭᠰᠡᠨ;

  (ᠬᠣᠶᠠᠷ) ᠠᠯᠪᠠᠨ ᠶᠠᠪᠤᠳᠠᠯ᠎ᠳᠤ ᠬᠡᠷᠡᠭᠯᠡᠬᠦ ᠭᠡᠷ᠎ᠢ ᠪᠠᠷᠢᠮᠵᠢᠶ᠎ᠠ᠎ᠠᠴᠠ ᠬᠡᠲᠦᠷᠡᠭᠦᠯᠦᠨ ᠲᠣᠬᠢᠷᠠᠭᠤᠯᠤᠭᠰᠠᠨ ᠪᠤᠶᠤ ᠬᠡᠷᠡᠭᠯᠡᠭᠰᠡᠨ;

  (ᠭᠤᠷᠪᠠ) ᠠᠯᠪᠠᠨ ᠵᠠᠷᠤᠳᠠᠯ᠎ᠢᠶᠠᠷ ᠵᠣᠴᠢᠨ᠎ᠤ ᠥᠷᠦᠭᠡ ᠪᠤᠶᠤ ᠪᠤᠰᠤᠳ ᠲᠠᠯᠠᠪᠤᠷ ᠭᠠᠵᠠᠷ᠎ᠢ ᠲᠦᠷᠢᠶᠡᠰᠦᠯᠡᠵᠦ ᠡᠵᠡᠯᠡᠵᠦ ᠬᠤᠪᠢ ᠬᠥᠮᠦᠨ᠎ᠳᠦ ᠬᠡᠷᠡᠭᠯᠡᠭᠦᠯᠦᠭᠰᠡᠨ᠃

  ᠵᠠᠭᠤ ᠠᠷᠪᠠᠳᠤᠭᠠᠷ ᠵᠦᠢᠯ  ᠡᠷᠬᠡ ᠥᠩᠭᠡᠨ᠎ᠦ ᠵᠣᠯᠢᠶ᠎ᠠ ᠬᠢᠬᠦ ᠪᠤᠶᠤ ᠵᠣᠭᠤᠰ ᠮᠥᠩᠭᠦ ᠡᠳ᠋ ᠪᠣᠳᠠᠰ ᠦᠭᠴᠤ ᠵᠣᠭᠤᠰ ᠥᠩᠭᠡᠨ᠎ᠦ ᠵᠣᠯᠢᠶ᠎ᠠ ᠬᠢᠭᠰᠡᠨ ᠪᠠᠢᠪᠠᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠵᠠᠭᠤ ᠠᠷᠪᠠᠨ ᠨᠢᠭᠡᠳᠦᠭᠡᠷ ᠵᠦᠢᠯ  ᠠᠷᠢᠭᠤᠨ ᠴᠢᠬᠡᠴᠢ ᠪᠠᠢᠬᠤ ᠰᠠᠬᠢᠯᠭ᠎ᠠ ᠪᠠᠲᠤ᠎ᠶᠢᠨ ᠲᠣᠭᠲᠠᠭᠠᠯ᠎ᠠᠴᠠ ᠵᠥᠷᠢᠴᠡᠭᠰᠡᠨ ᠪᠤᠰᠤᠳ ᠦᠢᠯᠡ ᠠᠵᠢᠯᠯᠠᠭ᠎ᠠ᠎ᠲᠠᠢ ᠪᠠᠢᠪᠠᠯ᠂ ᠪᠣᠳᠠᠲᠠᠢ ᠪᠠᠢᠳᠠᠯ᠎ᠢ ᠎ᠨᠢ ᠦᠵᠡᠵᠦ ᠳᠣᠩᠭᠤᠳᠭᠤ ᠴᠢᠨᠠᠭᠱᠢᠯᠠᠨ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

 

    ᠶᠢᠰᠦᠳᠦᠭᠡᠷ ᠪᠦᠯᠦᠭ  ᠣᠯᠠᠨ ᠲᠦᠮᠡᠨ᠎ᠦ ᠰᠠᠬᠢᠯᠭ᠎ᠠ ᠪᠠᠲᠤ᠎ᠶᠢ ᠵᠥᠷᠢᠴᠡᠭᠰᠡᠨ ᠦᠢᠯᠡ ᠠᠵᠢᠯᠯᠠᠭ᠎ᠠ᠎ᠳᠤ ᠦᠭᠭᠦ ᠱᠢᠢᠳᠭᠡᠯ

 

  ᠵᠠᠭᠤ ᠠᠷᠪᠠᠨ ᠬᠣᠶᠠᠳᠤᠭᠠᠷ ᠵᠦᠢᠯ ᠳᠣᠤᠷᠠᠬᠢ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ ᠬᠢᠭᠰᠡᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠬᠥᠩᠭᠡᠨ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠥᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠄

  (ᠨᠢᠭᠡ)᠎ᠪᠠᠷᠢᠮᠵᠢᠶ᠎ᠠ᠎ᠠᠴᠠ ᠬᠡᠲᠦᠷᠡᠭᠦᠯᠦᠨ᠂ ᠬᠡᠪᠴᠢᠶ᠎ᠡ᠎ᠡᠴᠡ ᠬᠡᠲᠦᠷᠡᠭᠦᠯᠦᠨ ᠣᠯᠠᠨ ᠲᠦᠮᠡᠨ᠎ᠡᠴᠡ ᠡᠳ᠋ ᠬᠥᠷᠦᠩᠭᠡ ᠬᠥᠳᠡᠯᠮᠦᠷᠢ ᠬᠦᠴᠦ ᠴᠤᠭᠯᠠᠭᠤᠯᠵᠤ᠂ ᠵᠠᠷᠤᠳᠠᠯ ᠲᠡᠰᠬᠡᠵᠦ᠂ ᠣᠯᠠᠨ ᠲᠦᠮᠡᠨ᠎ᠦ ᠳᠠᠷᠤᠭᠠᠰᠤ᠎ᠶᠢ ᠬᠦᠨᠳᠦᠷᠡᠭᠦᠯᠦᠭᠰᠡᠨ;

  (ᠬᠣᠶᠠᠷ) ᠬᠠᠮᠢᠶ᠎ᠠ ᠪᠦᠬᠦᠢ ᠲᠣᠭᠲᠠᠭᠠᠯ᠎ᠠᠴᠠ ᠵᠥᠷᠢᠴᠡᠨ ᠣᠯᠠᠨ ᠲᠦᠮᠡᠨ᠎ᠦ ᠵᠣᠭᠤᠰ ᠮᠥᠩᠭᠦ ᠡᠳ᠋ ᠬᠥᠷᠦᠩᠭᠡ᠎ᠶᠢ ᠦᠯᠡᠳᠡᠭᠡᠨ ᠠᠪᠤᠭᠰᠠᠨ᠂ ᠬᠤᠷᠢᠶᠠᠵᠤ ᠠᠪᠤᠭᠰᠠᠨ ᠪᠤᠶᠤ ᠣᠯᠠᠨ ᠲᠦᠮᠡᠨ᠎ᠢ ᠲᠤᠷᠭᠠᠭᠤᠭᠰᠠᠨ;

  (ᠭᠤᠷᠪᠠ) ᠣᠯᠠᠨ ᠲᠦᠮᠡᠨ᠎ᠦ ᠵᠣᠭᠤᠰ ᠮᠥᠩᠭᠦ ᠡᠳ᠋ ᠪᠣᠳᠠᠰ᠎ᠢ ᠬᠠᠰᠤᠵᠤ ᠦᠯᠡᠳᠡᠭᠡᠭᠰᠡᠨ᠂ ᠡᠰᠡᠬᠦᠯ᠎ᠡ ᠬᠠᠮᠢᠶ᠎ᠠ ᠪᠦᠬᠦᠢ ᠲᠣᠭᠲᠠᠭᠠᠯ᠎ᠢ ᠵᠥᠷᠢᠴᠡᠨ ᠣᠯᠠᠨ ᠲᠦᠮᠡᠨ᠎ᠳᠦ ᠵᠣᠭᠤᠰ ᠮᠥᠩᠭᠦ ᠥᠷᠢᠲᠦᠭᠰᠡᠨ;

  (ᠳᠥᠷᠪᠡ) ᠬᠠᠮᠢᠶᠠᠷᠤᠯᠲᠠ ᠪᠠ ᠦᠢᠯᠡᠴᠢᠯᠡᠭᠡᠨ᠎ᠦ ᠠᠵᠢᠯᠯᠠᠭ᠎ᠠ ᠳᠤᠮᠳᠠ ᠬᠠᠮᠢᠶ᠎ᠠ ᠪᠦᠬᠦᠢ ᠲᠣᠭᠲᠠᠭᠠᠯ ᠎ᠢ ᠵᠥᠷᠢᠴᠡᠨ ᠵᠠᠷᠤᠳᠠᠯ ᠮᠥᠩᠭᠦ ᠬᠤᠷᠢᠶᠠᠭᠰᠠᠨ;

  (ᠲᠠᠪᠤ) ᠣᠯᠠᠨ ᠲᠦᠮᠡᠨ᠎ᠳᠦ ᠬᠣᠯᠪᠤᠭᠳᠠᠭᠰᠠᠨ ᠤᠴᠢᠷ ᠶᠠᠪᠤᠳᠠᠯ᠎ᠢ ᠬᠢᠬᠦ᠎ᠳᠤ᠎ᠪᠠᠨ ᠣᠯᠠᠨ ᠲᠦᠮᠡᠨ᠎ᠢ ᠭᠠᠴᠢᠵᠤ᠂ ᠢᠳᠡᠬᠦ ᠠᠪᠬᠤ ᠲᠦᠪᠡᠭᠳᠡᠭᠦᠯᠬᠦ ᠪᠠ ᠱᠤᠯᠤᠭᠰᠠᠨ;

  (ᠵᠢᠷᠭᠤᠭ᠎ᠠ) ᠣᠯᠠᠨ ᠲᠦᠮᠡᠨ᠎ᠦ ᠠᠱᠢᠭ ᠲᠤᠰᠠ᠎ᠶᠢ ᠬᠣᠬᠢᠷᠠᠭᠤᠯᠤᠭᠰᠠᠨ ᠪᠤᠰᠤᠳ ᠦᠢᠯᠡ ᠠᠵᠢᠯᠯᠠᠭ᠎ᠠ᠎ᠲᠠᠢ ᠪᠠᠢᠬᠤ᠃

  ᠶᠠᠳᠠᠭᠤ᠎ᠶᠢ ᠳᠡᠳᠭᠦᠬᠦ ᠬᠦᠷᠢᠶᠡᠨ᠎ᠳᠦ ᠳᠡᠭᠡᠷᠡᠬᠢ ᠦᠢᠯᠡ ᠠᠵᠢᠯᠯᠠᠭ᠎ᠠ ᠢᠯᠡᠷᠡᠭᠦᠯᠪᠡᠯ᠂ ᠬᠦᠨᠳᠦ᠎ᠪᠠᠷ ᠱᠢᠢᠳᠬᠡᠬᠦ ᠪᠤᠶᠤ ᠬᠦᠨᠳᠦᠷᠡᠭᠦᠯᠦᠨ ᠱᠢᠢᠳᠬᠡᠨ᠎ᠡ᠃

  ᠵᠠᠭᠤ ᠠᠷᠪᠠᠨ ᠭᠤᠷᠪᠠᠳᠤᠭᠠᠷ ᠵᠦᠢᠯ  ᠦᠢᠯᠡᠳᠪᠦᠷᠢᠯᠡᠯ ᠡᠵᠡᠩᠨᠡᠯᠲᠡ᠎ᠶᠢᠨ ᠡᠵᠡᠨ ᠮᠡᠳᠡᠬᠦ ᠡᠷᠬᠡ᠎ᠳᠦ ᠬᠠᠯᠳᠠᠵᠤ᠂ ᠣᠯᠠᠨ ᠲᠦᠮᠡᠨ᠎ᠦ ᠡᠳ᠋ ᠬᠥᠷᠦᠩᠭᠡ᠎ᠳᠦ ᠨᠡᠯᠢᠶᠡᠳ ᠶᠡᠬᠡ ᠬᠣᠬᠢᠷᠠᠯ ᠤᠴᠠᠷᠠᠭᠤᠯᠤᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠳᠣᠩᠭᠤᠳᠭᠤ ᠱᠢᠢᠳᠭᠡᠯ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ᠃

  ᠵᠠᠭᠤ ᠠᠷᠪᠠᠨ ᠳᠥᠷᠪᠡᠳᠦᠭᠡᠷ ᠵᠦᠢᠯ  ᠨᠡᠢᠭᠡᠮ᠎ᠦᠨ ᠪᠠᠲᠤᠯᠠᠪᠤᠷᠢ᠂ ᠲᠥᠷᠦ᠎ᠶᠢᠨ ᠪᠣᠳᠤᠯᠭ᠎ᠠ᠎ᠶᠢᠨ ᠳᠡᠳᠬᠦᠮᠵᠢ᠂ ᠶᠠᠳᠠᠭᠤ᠎ᠶᠢ ᠳᠡᠳᠬᠦᠵᠦ ᠶᠠᠳᠠᠭᠤ᠎ᠠᠴᠠ ᠠᠩᠭᠢᠵᠢᠷᠠᠭᠤᠯᠬᠤ᠂ ᠭᠠᠮᠱᠢᠭ᠎ᠠᠴᠠ ᠠᠪᠤᠷᠠᠨ ᠳᠡᠳᠭᠦᠬᠦ ᠵᠣᠭᠤᠰ ᠮᠥᠩᠭᠦ ᠡᠳ᠋ ᠪᠣᠳᠠᠰ᠎ᠢ ᠬᠤᠪᠢᠶᠠᠷᠢᠯᠠᠬᠤ ᠵᠡᠷᠭᠡ ᠤᠴᠢᠷ ᠶᠠᠪᠤᠳᠠᠯ᠎ᠳᠤ ᠲᠥᠷᠦᠯ ᠰᠠᠳᠤᠨ ᠨᠠᠢᠵᠢ ᠨᠥᠬᠦᠳ᠎ᠢᠶᠡᠨ ᠬᠠᠷᠠᠭᠠᠯᠵᠠᠵᠤ᠂ ᠢᠯᠡᠳᠲᠡ ᠭᠣᠤᠯᠴᠢ ᠪᠤᠰᠤ ᠪᠤᠯᠤᠭᠰᠠᠠ ᠪᠠᠢᠪᠠᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠵᠠᠭᠤ ᠠᠷᠪᠠᠨ ᠲᠠᠪᠤᠳᠤᠭᠠᠷ ᠵᠦᠢᠯ  ᠤᠭᠰᠠᠭ᠎ᠠ ᠲᠥᠷᠦᠯ ᠪᠤᠶᠤ ᠬᠠᠷ᠎ᠠ ᠪᠦᠯᠦᠭᠲᠡᠨ ᠬᠠᠷᠭᠢᠰ ᠬᠦᠴᠦᠨ᠎ᠢ ᠠᠱᠢᠭᠯᠠᠨ ᠣᠯᠠᠨ ᠲᠦᠮᠡᠨ ᠎ᠢ ᠳᠠᠷᠤᠯᠠᠭᠰᠠᠨ ᠪᠤᠶᠤ ᠬᠠᠷ᠎ᠠ ᠪᠦᠯᠦᠭ ᠬᠠᠷᠭᠢᠰ ᠬᠦᠴᠦᠨ᠎ᠳᠦ ᠬᠣᠯᠪᠤᠭᠳᠠᠭᠰᠠᠨ ᠠᠵᠢᠯᠯᠠᠭ᠎ᠠ᠎ᠶᠢ ᠬᠠᠮᠢᠶᠠᠷᠬᠤ᠎ᠦᠭᠡᠢ ᠳᠤᠷ᠎ᠠ᠎ᠪᠠᠷ᠎ᠨᠢ ᠦᠢᠯᠡᠳᠦᠭᠦᠯᠵᠦ᠂ ᠬᠠᠷ᠎ᠠ ᠪᠦᠯᠦᠭᠲᠡᠨ ᠬᠠᠷᠭᠢᠰ ᠬᠦᠴᠦᠨ᠎ᠳᠦ 《ᠬᠠᠯᠬᠠᠪᠴᠢ ᠱᠢᠭᠦᠷ》 ᠪᠣᠯᠵᠤ ᠦᠭᠭᠦᠭᠰᠡᠡ ᠪᠠᠢᠪᠠᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠵᠠᠭᠤ ᠠᠷᠪᠠᠨ ᠵᠢᠷᠭᠤᠳᠤᠭᠠᠷ ᠵᠦᠢᠯ  ᠳᠣᠤᠷᠠᠬᠢ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ ᠬᠢᠭᠰᠡᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ᠄

  (ᠨᠢᠭᠡ) ᠣᠯᠠᠨ ᠲᠦᠮᠡᠨ᠎ᠦ ᠦᠢᠯᠡᠳᠪᠦᠷᠢᠯᠡᠯ᠂ ᠠᠮᠢᠳᠤᠷᠠᠯ ᠵᠡᠷᠭᠡ ᠬᠤᠪᠢ ᠪᠡᠶ᠎ᠡ᠎ᠶᠢᠨ ᠠᠱᠢᠭ ᠲᠤᠰᠠ᠎ᠳᠤ ᠬᠣᠯᠪᠤᠭᠳᠠᠭᠰᠠᠨ ᠠᠰᠠᠭᠤᠳᠠᠯ ᠳᠡᠭᠡᠷ᠎ᠡ ᠲᠥᠷᠦ᠎ᠶᠢᠨ ᠪᠣᠳᠤᠯᠭ᠎ᠠ ᠪᠤᠶᠤ ᠬᠠᠮᠢᠶ᠎ᠠ ᠪᠦᠬᠦᠢ ᠲᠣᠭᠲᠠᠭᠠᠯ ᠶᠣᠰᠤᠭᠠᠷ ᠱᠢᠢᠳᠪᠦᠷᠢᠯᠡᠵᠦ ᠳᠡᠢᠯᠬᠦ ᠪᠠᠢᠲᠠᠯ᠎ᠠ ᠴᠠᠭ ᠲᠤᠬᠠᠢ᠎ᠳᠤᠨᠢ ᠱᠢᠢᠳᠪᠦᠷᠢᠯᠡᠵᠦ ᠦᠭᠭᠦ ᠎ᠦᠭᠡᠢ᠂ ᠠᠯᠵᠠᠭᠤ ᠬᠣᠢᠷᠭᠤ ᠠᠵᠢᠯ ᠬᠢᠬᠦ᠎ᠦᠭᠡᠢ᠂ ᠦᠷ᠎ᠡ ᠠᠱᠢᠭ᠎ᠢᠶᠠᠷ ᠳᠣᠤᠷ᠎ᠠ ᠪᠠᠢᠵᠤ᠂ ᠮᠠᠭᠤ ᠨᠥᠯᠦᠭᠡ ᠭᠠᠷᠭᠠᠭᠰᠠᠨ;

  (ᠬᠣᠶᠠᠷ) ᠲᠥᠷᠦ᠎ᠶᠢᠨ ᠪᠣᠳᠤᠯᠭ᠎ᠠ᠎ᠳᠤ ᠨᠡᠢᠴᠡᠭᠰᠡᠨ ᠣᠯᠠᠨ ᠲᠦᠮᠡᠨ᠎ᠦ ᠭᠤᠶᠤᠴᠢᠯᠠᠯ᠎ᠳᠤ ᠨᠠᠵᠠᠭᠠᠢ᠎ᠪᠠᠷ ᠬᠠᠨᠳᠤᠨ ᠠᠷᠭᠠᠴᠠᠵᠤ᠂ ᠬᠠᠷᠢᠯᠴᠠᠨ ᠲᠦᠯᠬᠢᠯᠴᠡᠵᠦ᠂ ᠨᠠᠮ ᠪᠣᠯᠤᠨ ᠣᠯᠠᠨ ᠲᠦᠮᠡᠨ᠎ᠦ ᠬᠠᠷᠢᠴᠠᠭ᠎ᠠ᠂ ᠺᠠᠳ᠋ᠷ ᠪᠣᠯᠤᠨ ᠣᠯᠠᠨ ᠲᠦᠮᠡᠨ᠎ᠦ ᠬᠠᠷᠢᠴᠠᠭ᠎ᠠ᠎ᠶᠢ ᠬᠣᠬᠢᠷᠠᠭᠤᠯᠤᠭᠰᠠᠨ;

  (ᠭᠤᠷᠪᠠ) ᠣᠯᠠᠨ ᠲᠦᠮᠡᠨ᠎ᠳᠦ ᠬᠠᠷᠭᠢᠰ ᠬᠡᠷᠴᠡᠭᠡᠢ᠂ ᠳᠥᠭᠦᠮ ᠪᠦᠳᠦᠭᠦᠯᠢᠭ ᠣᠪᠤᠷ᠎ᠢᠶᠠᠷ ᠬᠠᠨᠳᠤᠵᠤ᠂ ᠮᠠᠭᠤ ᠨᠥᠯᠦᠭᠡ ᠭᠠᠷᠭᠠᠭᠰᠠᠨ;

  (ᠳᠥᠷᠪᠡ) ᠬᠤᠳᠠᠯ ᠬᠡᠯᠡᠵᠦ ᠬᠠᠭᠤᠷᠮᠠᠭᠯᠠᠨ ᠵᠣᠬᠢᠶᠠᠵᠤ᠂ ᠳᠡᠭᠡᠷᠡᠬᠢ᠎ᠪᠡᠨ ᠮᠡᠬᠡᠯᠡᠵᠦ ᠳᠣᠤᠷᠠᠬᠢ᠎ᠪᠠᠨ ᠳᠠᠷᠤᠯᠠᠵᠤ᠂ ᠣᠯᠠᠨ ᠲᠦᠮᠡᠨ᠎ᠦ ᠠᠱᠢᠭ ᠲᠤᠰᠠ᠎ᠶᠢ ᠬᠣᠬᠢᠷᠠᠭᠤᠯᠤᠭᠰᠠᠨ;

  (ᠲᠠᠪᠤ) ᠠᠵᠢᠯ᠎ᠢᠶᠠᠨ ᠦᠯᠦ ᠬᠢᠬᠦ᠂ ᠳᠤᠷ᠎ᠠ᠎ᠪᠠᠷ᠎ᠢᠶᠠᠨ ᠦᠢᠯᠡᠳᠬᠦ ᠵᠡᠷᠭᠡ ᠣᠯᠠᠨ ᠲᠦᠮᠡᠨ᠎ᠦ ᠠᠱᠢᠭ ᠲᠤᠰᠠ᠎ᠶᠢ ᠬᠣᠬᠢᠷᠠᠭᠤᠯᠤᠭᠰᠠᠨ ᠪᠤᠰᠤᠳ ᠦᠢᠯᠡ ᠠᠵᠢᠯᠯᠠᠭ᠎ᠠ᠎ᠲᠠᠢ ᠪᠠᠢᠬᠤ᠃

  ᠵᠠᠭᠤ ᠠᠷᠪᠠᠨ ᠳᠣᠯᠤᠳᠤᠭᠠᠷ ᠵᠦᠢᠯ  ᠰᠣᠬᠤᠷ ᠪᠠᠯᠠᠢ᠎ᠪᠠᠷ ᠵᠢᠭᠡᠯᠡᠯᠭᠡ ᠠᠪᠴᠤ᠂ ᠠᠵᠢᠯ ᠳᠡᠯᠭᠡᠨ᠂ ᠲᠥᠷᠦᠯ ᠵᠦᠢᠯ ᠡᠬᠢᠯᠡᠭᠦᠯᠵᠦ᠂ ᠠᠷᠠᠳ᠎ᠢ ᠵᠦᠳᠡᠭᠡᠨ ᠡᠳ᠋᠎ᠢ ᠰᠦᠢᠳᠬᠡᠬᠦ 《ᠳᠦᠷᠢ ᠲᠥᠷᠬᠦ᠎ᠶᠢᠨ ᠢᠨᠵᠧᠨᠧᠷᠢᠩ》᠂ 《ᠠᠵᠢᠯ᠎ᠤᠨ ᠠᠮᠵᠢᠯᠲᠠ᠎ᠶᠢᠨ ᠢᠨᠵᠧᠨᠧᠷᠢᠩ》 ᠦᠢᠯᠡᠳᠴᠦ᠂ ᠤᠯᠤᠰ ᠭᠡᠷ᠂ ᠬᠠᠮᠲᠤ ᠨᠡᠢᠲᠡ ᠪᠤᠶᠤ ᠣᠯᠠᠨ ᠲᠦᠮᠡᠨ᠎ᠦ ᠡᠳ᠋ ᠬᠥᠷᠦᠩᠭᠡ ᠪᠣᠯᠤᠨ ᠠᠱᠢᠭ ᠲᠤᠰᠠ᠎ᠳᠤ ᠨᠡᠯᠢᠶᠡᠳ ᠶᠡᠬᠡ ᠬᠣᠬᠢᠷᠠᠯ ᠤᠴᠠᠷᠠᠭᠤᠯᠤᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠵᠠᠭᠤ ᠠᠷᠪᠠᠨ ᠨᠠᠢ᠍ᠮᠠᠳᠤᠭᠠᠷ ᠵᠦᠢᠯ  ᠤᠯᠤᠰ ᠭᠡᠷ᠎ᠦᠨ ᠡᠳ᠋ ᠬᠥᠷᠦᠩᠭᠡ ᠪᠣᠯᠤᠨ ᠣᠯᠠᠨ ᠲᠦᠮᠡᠨ᠎ᠦ ᠠᠮᠢ ᠨᠠᠰᠤ ᠡᠳ᠋ ᠬᠥᠷᠦᠩᠭᠡ ᠬᠦᠨᠳᠦ ᠨᠣᠴᠢᠲᠠᠢ ᠰᠦᠷᠳᠡᠭᠦᠯᠦᠯ᠎ᠳᠦ ᠤᠴᠠᠷᠠᠭᠰᠠᠨ ᠦᠶᠡᠰ᠂ ᠠᠪᠤᠷᠠᠵᠤ ᠳᠡᠢᠯᠬᠦ ᠪᠠᠢᠭᠠᠳ ᠠᠪᠤᠷᠠᠬᠤ᠎ᠦᠭᠡᠢ ᠪᠤᠯ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ᠂ ᠴᠢᠩᠭ᠎ᠠ ᠳᠣᠩᠭᠤᠳᠭᠤ ᠪᠤᠶᠤ ᠨᠠᠮ᠎ᠤᠨ ᠳᠣᠲᠤᠷᠠᠬᠢ ᠲᠤᠱᠢᠶᠠᠯ᠎ᠠᠴᠠ ᠤᠭᠴᠠᠷᠠᠭᠤᠯᠬᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠵᠠᠭᠤ ᠠᠷᠪᠠ ᠶᠢᠰᠦᠳᠦᠭᠡᠷ ᠵᠦᠢᠯ  ᠲᠣᠭᠲᠠᠭᠠᠯ ᠶᠣᠰᠤᠭᠠᠷ ᠨᠠᠮ᠎ᠤᠨ ᠶᠠᠪᠤᠳᠠᠯ᠂ ᠵᠠᠰᠠᠭ᠎ᠤᠨ ᠶᠠᠪᠤᠳᠠᠯ᠂ ᠦᠢᠯᠡᠳᠪᠦᠷᠢ᠎ᠶᠢᠨ ᠶᠠᠪᠤᠳᠠᠯ᠂ ᠲᠣᠰᠭᠤᠨ (ᠰᠠᠭᠤᠭᠠᠯᠢ ᠠᠷᠠᠳ᠎ᠤᠨ ᠵᠥᠪᠯᠡᠯ)᠎ᠦᠨ ᠶᠠᠪᠤᠳᠠᠯ ᠵᠡᠷᠭᠡ᠎ᠶᠢ ᠢᠯᠡ ᠪᠣᠯᠭᠠᠬᠤ᠎ᠦᠭᠡᠢ ᠪᠠᠢᠵᠤ᠂ ᠣᠯᠠᠨ ᠲᠦᠮᠡᠨ᠎ᠦ ᠪᠠᠢᠳᠠᠯ ᠎ᠢ ᠮᠡᠳᠡᠬᠦ ᠡᠷᠬᠡ᠎ᠳᠦ ᠬᠠᠯᠳᠠᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠡ᠃

  ᠵᠠᠭᠤ ᠬᠣᠷᠢᠳᠤᠭᠠᠷ ᠵᠦᠢᠯ  ᠣᠯᠠᠨ ᠲᠦᠮᠡᠨ᠎ᠦ ᠰᠠᠬᠢᠯᠭ᠎ᠠ ᠪᠠᠲᠤ᠎ᠠᠴᠠ ᠵᠥᠷᠢᠴᠡᠭᠰᠡᠨ ᠪᠤᠰᠤᠳ ᠦᠢᠯᠡ ᠠᠵᠢᠯᠯᠠᠭ᠎ᠠ ᠬᠢᠭᠰᠡᠨ ᠪᠣᠯ᠂ ᠪᠣᠳᠠᠲᠠᠢ ᠦᠢᠯᠡ ᠪᠠᠢᠳᠠᠯ ᠎ᠢ ᠎ᠨᠢ ᠦᠵᠡᠵᠦ ᠪᠠᠢᠭᠠᠳ ᠳᠣᠩᠭᠤᠳᠭᠤ ᠪᠤᠶᠤ ᠴᠢᠨᠠᠭᠱᠢᠯᠠᠪᠠᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

 

    ᠠᠷᠪᠠᠳᠤᠭᠠᠷ ᠪᠦᠯᠦᠭ  ᠠᠵᠢᠯ᠎ᠤᠨ ᠰᠠᠬᠢᠯᠭ᠎ᠠ ᠪᠠᠲᠤ᠎ᠠᠴᠠ ᠵᠥᠷᠢᠴᠡᠭᠰᠡᠨ ᠦᠢᠯᠡ ᠠᠵᠢᠯᠯᠠᠭ᠎ᠠ᠎ᠳᠤ ᠦᠭᠭᠦ ᠱᠢᠢᠳᠭᠡᠯ

 

  ᠵᠠᠭᠤ ᠬᠣᠷᠢᠨ ᠨᠢᠭᠡᠳᠦᠭᠡᠷ ᠵᠦᠢᠯ  ᠠᠵᠢᠯ᠎ᠳᠤ᠎ᠪᠠᠨ ᠬᠠᠷᠢᠭᠤᠴᠠᠯᠭ᠎ᠠ᠎ᠦᠭᠡᠢ ᠪᠤᠶᠤ ᠬᠠᠮᠢᠶᠠᠷᠤᠯᠲᠠ᠎ᠶᠢ ᠴᠠᠯᠠᠭᠠᠢᠳᠠᠭᠤᠯᠵᠤ᠂ ᠳᠡᠭᠡᠷ᠎ᠡ ᠱᠠᠲᠤᠨ᠎ᠤ ᠱᠢᠢᠳᠪᠦᠷᠢᠲᠦ ᠪᠣᠳᠤᠯᠭ᠎ᠠ ᠪᠠᠢᠷᠢᠯᠠᠭᠤᠯᠤᠯᠲᠠ᠎ᠶᠢ ᠲᠤᠭᠤᠱᠢᠯᠠᠭᠤᠯᠵᠤ ᠬᠡᠷᠡᠭᠵᠢᠭᠦᠯᠬᠦ᠂ ᠪᠠᠢᠴᠠᠭᠠᠨ ᠱᠠᠯᠠᠪᠳᠠᠭᠤᠯᠵᠤ ᠨᠠᠢᠳᠠᠪᠤᠷᠢᠵᠢᠭᠤᠯᠬᠤ᠎ᠶᠢ ᠰᠠᠢᠲᠤᠷ ᠭᠦᠢᠴᠡᠳᠬᠡᠭᠰᠡᠨ᠎ᠦᠭᠡᠢ᠎ᠡᠴᠡ ᠪᠣᠯᠵᠤ᠂ ᠨᠠᠮ᠂ ᠤᠯᠤᠰ ᠪᠣᠯᠤᠨ ᠠᠷᠠᠳ ᠲᠦᠮᠡᠨ᠎ᠦ ᠠᠱᠢᠭ ᠲᠤᠰᠠ ᠵᠢᠴᠢ ᠣᠯᠠᠨ ᠨᠡᠢᠲᠡ᠎ᠶᠢᠨ ᠡᠳ᠋ ᠬᠥᠷᠦᠩᠭᠡ᠎ᠳᠦ ᠨᠡᠯᠢᠶᠡᠳ ᠶᠡᠬᠡ ᠬᠣᠬᠢᠷᠠᠯ ᠤᠴᠠᠷᠠᠭᠤᠯᠤᠭᠰᠠᠨ ᠪᠠᠢᠪᠠᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠡ; ᠬᠦᠨᠳᠦ ᠨᠣᠴᠢᠲᠠᠢ ᠬᠣᠬᠢᠷᠠᠯ ᠤᠴᠠᠷᠠᠭᠤᠯᠤᠭᠰᠠᠨ ᠪᠠᠢᠪᠠᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠱᠢᠨ᠎ᠡ᠎ᠶᠢ ᠡᠭᠦᠳᠬᠦ᠂ ᠵᠣᠬᠢᠴᠠᠩᠭᠤᠢ᠂ ᠪᠣᠬᠢᠷᠲᠤᠯ᠎ᠦᠭᠡᠢ᠂ ᠨᠡᠭᠡᠭᠡᠯᠲᠡᠲᠦ᠂ ᠬᠠᠮᠲᠤ᠎ᠪᠠᠷ ᠡᠳ᠋ᠯᠡᠬᠦ ᠬᠥᠭᠵᠢᠯᠲᠡ᠎ᠶᠢᠨ ᠣᠢᠯᠠᠭᠠᠭᠳᠠᠬᠤᠨ᠎ᠢ ᠰᠠᠢᠲᠤᠷ ᠲᠤᠭᠤᠱᠢᠯᠠᠭᠤᠯᠬᠤ᠎ᠦᠭᠡᠢ ᠪᠠᠢᠵᠤ᠂ ᠲᠤᠱᠢᠶᠠᠯ ᠬᠠᠷᠢᠭᠤᠴᠠᠯᠭ᠎ᠠ᠎ᠶᠢᠨ ᠬᠡᠪᠴᠢᠶᠡᠨ᠎ᠳᠡᠬᠢ ᠠᠰᠠᠭᠤᠳᠠᠯ᠎ᠳᠤ ᠲᠤᠱᠢᠶᠠᠯ ᠬᠠᠷᠢᠭᠤᠴᠠᠯᠭ᠎ᠠ᠎ᠪᠠᠨ ᠠᠯᠳᠠᠵᠤ᠂ ᠨᠡᠯᠢᠶᠡᠳ ᠶᠡᠬᠡ ᠬᠣᠬᠢᠷᠠᠯ ᠪᠤᠶᠤ ᠬᠦᠨᠳᠦ ᠨᠣᠴᠢᠲᠠᠢ ᠬᠣᠬᠢᠷᠠᠯ ᠭᠠᠷᠭᠠᠭᠰᠠᠨ ᠪᠠᠢᠪᠠᠯ᠂ ᠬᠦᠨᠳᠦ᠎ᠪᠠᠷ ᠱᠢᠢᠳᠬᠡᠬᠦ ᠪᠤᠶᠤ ᠬᠦᠨᠳᠦᠷᠡᠭᠦᠯᠦᠨ ᠱᠢᠢᠳᠬᠡᠨ᠎ᠡ᠃

  ᠵᠠᠭᠤ ᠬᠣᠷᠢᠨ ᠬᠣᠶᠠᠳᠤᠭᠠᠷ ᠵᠦᠢᠯ  ᠳᠣᠤᠷᠠᠬᠢ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ᠎ᠨᠢ ᠬᠢᠵᠦ᠂ ᠬᠦᠨᠳᠦ ᠨᠣᠴᠢᠲᠠᠢ ᠮᠠᠭᠤ ᠨᠥᠯᠦᠭᠡ ᠭᠠᠷᠭᠠᠭᠰᠠᠨ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠦᠢᠯᠡ ᠪᠠᠢᠳᠠᠯ᠎ᠨᠢ ᠬᠥᠩᠭᠡᠨ ᠪᠤᠯ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠄

  (ᠨᠢᠭᠡ) ᠨᠠᠮ᠎ᠤᠨ ᠲᠥᠪ ᠬᠣᠷᠢᠶᠠᠨ᠎ᠤ ᠱᠢᠢᠳᠪᠦᠷᠢᠲᠦ ᠪᠣᠳᠤᠯᠭ᠎ᠠ ᠪᠠᠢᠷᠢᠯᠠᠭᠤᠯᠤᠯᠲᠠ᠎ᠶᠢ ᠲᠤᠭᠤᠱᠢᠯᠠᠭᠤᠯᠬᠤ᠎ᠳᠤ ᠵᠥᠪᠬᠡᠨ ᠣᠪᠤᠷ᠎ᠢᠶᠠᠨ ᠢᠯᠡᠳᠬᠡᠭᠡᠳ ᠪᠣᠳᠠᠲᠠᠢ᠎ᠳᠤ ᠨᠠᠢᠳᠠᠪᠤᠷᠢᠵᠢᠭᠤᠯᠤᠭᠰᠠᠨ᠎ᠦᠭᠡᠢ;

  (ᠬᠣᠶᠠᠷ) ᠶᠠᠷᠢᠶ᠎ᠠ ᠬᠡᠯᠡᠯᠴᠡᠭᠡᠨ᠎ᠦ ᠰᠤᠷᠲᠠᠯᠴᠢᠯᠠᠭ᠎ᠠ ᠬᠢᠬᠦ᠂ ᠥᠩᠭᠡᠨ ᠲᠠᠯ᠎ᠠ᠎ᠶᠢᠨ ᠠᠵᠢᠯ ᠬᠢᠬᠦ᠎ᠶᠢ᠎ᠯᠡ ᠴᠢᠬᠤᠯᠠᠴᠢᠯᠠᠭᠰᠠᠨ;

  (ᠭᠤᠷᠪᠠ) ᠵᠥᠪᠬᠡᠨ ᠬᠤᠷᠠᠯ᠎ᠢᠶᠠᠷ ᠬᠤᠷᠠᠯ ᠎ᠢ ᠲᠤᠭᠤᠱᠢᠯᠠᠭᠤᠯᠵᠤ᠂ ᠪᠢᠴᠢᠭ ᠮᠠᠲᠧᠷᠢᠶᠠᠯ᠎ᠢᠶᠠᠷ ᠪᠢᠴᠢᠭ ᠮᠠᠲᠧᠷᠢᠶᠠᠯ᠎ᠢ ᠨᠠᠢᠳᠠᠪᠤᠷᠢᠵᠢᠭᠤᠯᠵᠤ᠂ ᠪᠣᠳᠠᠲᠠᠢ ᠠᠵᠢᠯ ᠬᠢᠭᠰᠡᠨ᠎ᠦᠭᠡᠢ;

  (ᠳᠥᠷᠪᠡ) ᠠᠵᠢᠯ ᠳᠤᠮᠳᠠ ᠪᠤᠰᠤᠳ ᠬᠡᠯᠪᠡᠷᠢᠴᠢ ᠦᠵᠡᠯ᠂ ᠨᠣᠶᠠᠨᠴᠢ ᠰᠤᠷᠲᠠᠯ᠎ᠤᠨ ᠦᠢᠯᠡ ᠠᠵᠢᠯᠯᠠᠭ᠎ᠠ᠎ᠲᠠᠢ ᠪᠠᠢᠬᠤ᠃

  ᠵᠠᠭᠤ ᠬᠣᠷᠢᠨ ᠭᠤᠷᠪᠠᠳᠤᠭᠠᠷ ᠵᠦᠢᠯ  ᠨᠠᠮ᠎ᠤᠨ ᠵᠣᠬᠢᠶᠠᠨ ᠪᠠᠢᠭᠤᠯᠤᠯᠲᠠ ᠳᠣᠤᠷᠠᠬᠢ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ᠎ᠨᠢ ᠬᠢᠪᠡᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠄

  (ᠨᠢᠭᠡ) ᠨᠠᠮ᠎ᠤᠨ ᠭᠡᠱᠢᠭᠦᠨ ᠬᠠᠤᠯᠢ ᠶᠣᠰᠤᠭᠠᠷ ᠡᠷᠡᠭᠦᠦ ᠱᠢᠢᠳᠭᠡᠯ ᠣᠯᠤᠭᠰᠠᠨ ᠪᠠᠢᠲᠠᠯ᠎ᠠ᠂ ᠲᠣᠭᠲᠠᠭᠠᠯ ᠶᠣᠰᠤᠭᠠᠷ ᠨᠠᠮ᠎ᠤᠨ ᠰᠠᠬᠢᠯᠭ᠎ᠠ ᠪᠠᠲᠤ᠎ᠶᠢᠨ ᠱᠢᠢᠳᠭᠡᠯ ᠦᠭᠭᠦᠭᠰᠡᠨ ᠎ᠦᠭᠡᠢ ᠪᠤᠶᠤ ᠤᠯᠤᠰ᠎ᠤᠨ ᠬᠠᠤᠯᠢ ᠴᠠᠭᠠᠵᠠ ᠬᠠᠤᠯᠢ ᠲᠣᠭᠲᠠᠭᠠᠯ ᠎ᠢ ᠵᠥᠷᠢᠴᠡᠭᠰᠡᠨ ᠠᠵᠢᠯᠯᠠᠭ᠎ᠠ᠎ᠳᠤ ᠨᠠᠮ᠎ᠤᠨ ᠰᠠᠬᠢᠯᠭ᠎ᠠ ᠪᠠᠲᠤ᠎ᠶᠢᠨ ᠱᠢᠢᠳᠭᠡᠯ ᠦᠭᠬᠦ ᠶᠣᠰᠤᠲᠠᠢ ᠪᠠᠢᠲᠠᠯ᠎ᠠ ᠱᠢᠢᠳᠭᠡᠯ ᠦᠭᠭᠦᠭᠰᠡᠨ ᠎ᠦᠭᠡᠢ;

  (ᠬᠣᠶᠠᠷ) ᠨᠠᠮ᠎ᠤᠨ ᠰᠠᠬᠢᠯᠭ᠎ᠠ ᠪᠠᠲᠤ᠎ᠶᠢᠨ ᠱᠢᠢᠳᠭᠡᠯ ᠦᠭᠭᠦ ᠲᠣᠭᠲᠠᠭᠠᠯ ᠪᠤᠶᠤ ᠭᠣᠮᠤᠳᠠᠯ ᠲᠣᠭᠠᠴᠢᠯᠲᠠ᠎ᠶᠢ ᠳᠠᠬᠢᠨ ᠪᠠᠢᠴᠠᠭᠠᠬᠤ ᠲᠣᠭᠲᠠᠭᠠᠯ ᠎ᠢ ᠭᠠᠷᠭᠠᠭᠰᠠᠨ᠎ᠤ ᠳᠠᠷᠠᠭ᠎ᠠ᠂ ᠲᠣᠭᠲᠠᠭᠠᠯ᠎ᠳᠠᠬᠢ ᠱᠢᠢᠳᠬᠡᠭᠳᠡᠭᠴᠢ᠎ᠶᠢᠨ ᠨᠠᠮ᠎ᠤᠨ ᠬᠠᠷᠢᠶ᠎ᠠ᠂ ᠲᠤᠱᠢᠶᠠᠯ᠂ ᠲᠤᠱᠢᠶᠠᠯ᠎ᠤᠨ ᠳᠡᠰ᠂ ᠬᠦᠷᠲᠡᠭᠡᠮᠵᠢ ᠣᠯᠭᠤᠮᠵᠢ ᠵᠡᠷᠭᠡ᠎ᠶᠢᠨ ᠲᠤᠬᠠᠢ ᠵᠦᠢᠯᠡᠰ᠎ᠢ ᠲᠣᠭᠲᠠᠭᠠᠯ ᠶᠣᠰᠤᠭᠠᠷ ᠨᠠᠢᠳᠠᠪᠤᠷᠢᠵᠢᠭᠤᠯᠤᠭᠰᠠᠨ᠎ᠦᠭᠡᠢ;

  (ᠭᠤᠷᠪᠠ) ᠨᠠᠮ᠎ᠤᠨ ᠭᠡᠱᠢᠭᠦᠨ ᠰᠠᠬᠢᠯᠭ᠎ᠠ ᠪᠠᠲᠤ᠎ᠶᠢᠨ ᠱᠢᠢᠳᠭᠡᠯ ᠣᠯᠤᠭᠰᠠᠨ᠎ᠤ ᠳᠠᠷᠠᠭ᠎ᠠ᠂ ᠺᠠᠳ᠋ᠷ᠎ᠤᠨ ᠬᠠᠮᠢᠶᠠᠷᠤᠯᠲᠠ᠎ᠶᠢᠨ ᠡᠷᠬᠡ᠎ᠶᠢᠨ ᠬᠡᠪᠴᠢᠶ᠎ᠡ ᠪᠣᠯᠤᠨ ᠵᠣᠬᠢᠶᠠᠨ ᠪᠠᠢᠭᠤᠯᠤᠯᠲᠠ᠎ᠶᠢᠨ ᠬᠠᠷᠢᠴᠠᠭ᠎ᠠ ᠶᠣᠰᠤᠭᠠᠷ ᠱᠢᠢᠳᠭᠡᠯ ᠣᠯᠤᠭᠰᠠᠨ ᠨᠠᠮ᠎ᠤᠨ ᠭᠡᠱᠢᠭᠦᠨ᠎ᠳᠦ ᠡᠳᠦᠷ ᠲᠤᠲᠤᠮ᠎ᠤᠨ ᠬᠥᠮᠦᠵᠢᠯ᠂ ᠬᠠᠮᠢᠶᠠᠷᠤᠯᠲᠠ ᠪᠣᠯᠤᠨ ᠬᠢᠨᠠᠯᠲᠠ᠎ᠶᠢᠨ ᠠᠵᠢᠯ ᠬᠢᠭᠰᠡᠨ᠎ᠦᠭᠡᠢ᠃

  ᠵᠠᠭᠤ ᠬᠣᠷᠢᠨ ᠳᠥᠷᠪᠡᠳᠦᠭᠡᠷ ᠵᠦᠢᠯ  ᠠᠵᠢᠯ᠎ᠳᠤ᠎ᠪᠠᠨ ᠬᠠᠷᠢᠭᠤᠴᠠᠯᠭ᠎ᠠ᠎ᠦᠭᠡᠢ᠎ᠡᠴᠡ ᠪᠣᠯᠵᠤ ᠬᠠᠮᠢᠶᠠᠷᠤᠯᠲᠠ᠎ᠳᠤ ᠪᠠᠢᠭ᠎ᠠ ᠬᠥᠮᠦᠨ᠎ᠢ ᠤᠷᠭᠤᠵᠤ ᠳᠤᠲᠠᠭᠠᠯᠭᠠᠭᠰᠠᠨ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠤᠶᠤ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠠᠵᠢᠯ᠎ᠳᠤ᠎ᠪᠠᠨ ᠬᠠᠷᠢᠭᠤᠴᠠᠯᠭ᠎ᠠ᠎ᠦᠭᠡᠢ᠎ᠡᠴᠡ ᠪᠣᠯᠵᠤ ᠬᠠᠮᠢᠶᠠᠷᠤᠯᠲᠠ᠎ᠳᠤ ᠪᠠᠢᠭ᠎ᠠ ᠬᠥᠮᠦᠨ ᠎ᠢ ᠭᠠᠷᠭᠠᠵᠤ ᠶᠠᠪᠤᠭᠤᠯᠤᠭᠰᠠᠨ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠵᠠᠭᠤ ᠬᠣᠷᠢᠨ ᠲᠠᠪᠤᠳᠤᠭᠠᠷ ᠵᠦᠢᠯ  ᠳᠡᠭᠡᠳᠦ ᠱᠠᠲᠤᠨ᠎ᠤ ᠬᠢᠨ ᠠᠵᠢᠯ ᠪᠠᠢᠴᠠᠭᠠᠬᠤ᠂ ᠪᠠᠢᠴᠠᠭᠠᠨ ᠦᠵᠡᠬᠦ᠎ᠳᠦ ᠪᠤᠶᠤ ᠳᠡᠭᠡᠳᠦ ᠱᠠᠲᠤᠨ᠎ᠳᠤ᠎ᠪᠠᠨ ᠠᠵᠢᠯ᠎ᠢᠶᠠᠨ ᠬᠠᠷᠢᠭᠤ ᠮᠡᠳᠡᠭᠦᠯᠬᠦ᠂ ᠮᠡᠳᠡᠭᠦᠯᠦᠯᠲᠡ ᠬᠢᠬᠦ᠎ᠳᠤ᠎ᠪᠠᠨ ᠮᠡᠳᠡᠭᠦᠯᠬᠦ ᠶᠣᠰᠤᠲᠠᠢ ᠵᠦᠢᠯ᠎ᠢ ᠮᠡᠳᠡᠭᠦᠯᠦᠭᠰᠡᠨ᠎ᠦᠭᠡᠢ ᠪᠤᠶᠤ ᠦᠨᠡᠨ ᠮᠦᠨ᠎ᠢᠶᠡᠷ᠎ᠨᠢ ᠮᠡᠳᠡᠭᠦᠯᠦᠭᠰᠡᠨ᠎ᠦᠭᠡᠢ᠎ᠡᠴᠡ ᠪᠣᠯᠵᠤ ᠬᠦᠨᠳᠦ ᠨᠣᠴᠢᠲᠠᠢ ᠬᠣᠬᠢᠷᠠᠯ ᠪᠤᠶᠤ ᠬᠦᠨᠳᠦ ᠨᠣᠴᠢᠲᠠᠢ ᠮᠠᠭᠤ ᠨᠥᠯᠦᠭᠡ ᠭᠠᠷᠭᠠᠭᠰᠠᠨ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ᠃

  ᠳᠡᠭᠡᠳᠦ ᠱᠠᠲᠤᠨ᠎ᠤ ᠬᠢᠨ ᠠᠵᠢᠯ ᠪᠠᠢᠴᠠᠭᠠᠬᠤ᠂ ᠪᠠᠢᠴᠠᠭᠠᠨ ᠦᠵᠡᠬᠦ᠎ᠳᠦ ᠪᠤᠶᠤ ᠳᠡᠭᠡᠳᠦ ᠱᠠᠲᠤᠨ᠎ᠳᠤ᠎ᠪᠠᠨ ᠠᠵᠢᠯ᠎ᠢᠶᠠᠨ ᠬᠠᠷᠢᠭᠤ ᠮᠡᠳᠡᠭᠦᠯᠬᠦ᠂ ᠮᠡᠳᠡᠭᠦᠯᠦᠯᠲᠡ ᠬᠢᠬᠦ᠎ᠳᠦ᠂ ᠳᠣᠤᠷᠠᠲᠤ ᠱᠠᠲᠤᠨ᠎ᠤ ᠬᠢ᠎ᠪᠡᠨ ᠳᠤᠷ᠎ᠠ᠎ᠪᠠᠷ ᠲᠠᠯᠪᠢᠬᠤ᠂ ᠥᠳᠦᠭᠡᠬᠦ᠂ ᠳᠠᠯᠳᠠᠭᠤᠷ ᠲᠣᠬᠢᠬᠤ᠂ ᠠᠯᠪᠠᠳᠠᠬᠤ ᠮᠡᠲᠦ᠎ᠪᠡᠷ ᠬᠤᠳᠠᠯ ᠦᠭᠡ ᠬᠡᠯᠡᠭᠦᠯᠵᠦ᠂ ᠪᠠᠢᠳᠠᠯ ᠎ᠢ ᠬᠤᠳᠠᠯ᠎ᠢᠶᠠᠷ ᠮᠡᠳᠡᠭᠦᠯᠦᠭᠰᠡᠨ ᠪᠤᠯ᠂ ᠬᠦᠨᠳᠦ᠎ᠪᠡᠷ ᠱᠢᠢᠳᠬᠡᠬᠦ ᠪᠤᠶᠤ ᠬᠦᠨᠳᠦᠷᠡᠭᠦᠯᠦᠨ ᠱᠢᠢᠳᠬᠡᠨ᠎ᠡ᠃

  ᠵᠠᠭᠤ ᠬᠣᠷᠢᠨ ᠵᠢᠷᠭᠤᠳᠤᠭᠠᠷ ᠵᠦᠢᠯ  ᠨᠠᠮ᠎ᠤᠨ ᠭᠡᠱᠢᠭᠦᠨ ᠤᠳᠤᠷᠢᠳᠭᠤ ᠺᠠᠳ᠋ᠷ ᠬᠣᠯᠪᠤᠭᠳᠠᠯ ᠪᠦᠬᠦᠢ ᠲᠣᠭᠲᠠᠭᠠᠯ᠎ᠢ ᠵᠥᠷᠢᠴᠡᠵᠦ ᠵᠠᠬ᠎ᠠ ᠳᠡᠯᠭᠡᠭᠦᠷ᠎ᠦᠨ ᠠᠵᠤ ᠠᠬᠤᠢ᠎ᠶᠢᠨ ᠠᠵᠢᠯᠯᠠᠭ᠎ᠠ᠎ᠶᠢ ᠨᠥᠯᠦᠭᠡᠯᠡᠬᠦ ᠪᠤᠶᠤ ᠭᠠᠷ ᠳᠦᠷᠦᠵᠤ᠂ ᠳᠣᠤᠷᠠᠬᠢ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠨᠢ ᠪᠠᠢᠵᠤ᠂ ᠮᠠᠭᠤ ᠨᠥᠯᠦᠭᠡ ᠭᠠᠷᠭᠠᠭᠰᠠᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  (ᠨᠢᠭᠡ) ᠪᠦᠲᠦᠭᠡᠨ ᠪᠠᠢᠭᠤᠯᠤᠯᠲᠠ᠎ᠶᠢᠨ᠎ᠪᠠᠷᠢᠯᠭ᠎ᠠ᠎ᠶᠢᠨ ᠲᠥᠷᠦᠯ ᠵᠦᠢᠯ ᠎ᠢ ᠳᠠᠭᠠᠭᠠᠴᠢᠯᠠᠬᠤ ᠪᠠ ᠳᠠᠭᠠᠭᠠᠴᠢᠯᠠᠭᠤᠯᠬᠤ᠂ ᠭᠠᠵᠠᠷ ᠱᠢᠷᠤᠢ᠎ᠶᠢᠨ ᠬᠡᠷᠡᠭᠯᠡᠯᠲᠡ᠎ᠶᠢᠨ ᠡᠷᠬᠡ᠎ᠶᠢ ᠱᠢᠯᠵᠢᠭᠦᠯᠬᠦ᠂ ᠵᠠᠰᠠᠭ᠎ᠤᠨ ᠣᠷᠳᠤᠨ᠎ᠤ ᠬᠤᠳᠠᠯᠳᠤᠨ ᠠᠪᠬᠤ᠂ ᠭᠡᠷ ᠭᠠᠵᠠᠷ ᠬᠥᠷᠦᠩᠭᠡ᠎ᠶᠢᠨ ᠨᠡᠭᠡᠭᠡᠯᠲᠡ ᠪᠠ ᠡᠵᠡᠩᠨᠡᠯᠲᠡ᠂ ᠠᠭᠤᠷᠬᠠᠢ᠎ᠶᠢᠨ ᠡᠳ᠋ ᠪᠠᠶᠠᠯᠢᠭ ᠎ᠢ ᠨᠡᠭᠡᠭᠡᠨ ᠠᠱᠢᠭᠯᠠᠬᠤ᠂ ᠵᠠᠭᠤᠴᠢ ᠪᠠᠢᠭᠤᠯᠤᠮᠵᠢ᠎ᠶᠢᠨ ᠦᠢᠯᠡᠴᠢᠯᠡᠭᠡ ᠵᠡᠷᠭᠡ ᠠᠵᠢᠯᠯᠠᠭ᠎ᠠ᠎ᠶᠢ ᠨᠥᠯᠦᠭᠡᠯᠡᠭᠰᠡᠨ ᠪᠠ ᠭᠠᠷ ᠲᠦᠷᠦᠭᠰᠡᠨ;

  (ᠬᠣᠶᠠᠷ) ᠤᠯᠤᠰ᠎ᠤᠨ ᠥᠮᠴᠢᠯᠡᠯ᠎ᠦᠨ ᠠᠵᠤ ᠠᠬᠤᠢᠯᠠᠯ᠎ᠤᠨ ᠳᠠᠬᠢᠨ ᠪᠠᠢᠭᠤᠯᠵᠤ ᠲᠣᠭᠲᠠᠴᠠ᠎ᠪᠠᠨ ᠥᠭᠡᠷᠡᠴᠢᠯᠡᠬᠦ᠂ ᠨᠡᠢᠯᠡᠭᠦᠯᠬᠦ᠂ ᠳᠠᠮᠫᠤᠷᠠᠭᠤᠯᠬᠤ᠂ ᠥᠮᠴᠢᠯᠡᠬᠦ ᠡᠷᠬᠡ᠎ᠶᠢᠨ ᠰᠣᠯᠢᠯᠴᠠᠭ᠎ᠠ ᠬᠢᠬᠦ᠂ ᠡᠳ᠋ ᠬᠥᠷᠦᠩᠭᠡ᠎ᠶᠢ ᠪᠦᠷᠢᠳᠬᠡᠵᠦ ᠪᠡᠯᠡ ᠮᠥᠩᠭᠦ᠎ᠶᠢ ᠬᠠᠷᠭᠤᠭᠤᠯᠬᠤ᠂ ᠡᠳ᠋ ᠬᠥᠷᠦᠩᠭᠡ᠎ᠶᠢ ᠦᠨᠡᠯᠡᠨ ᠵᠢᠱᠢᠬᠦ᠂ ᠡᠳ᠋ ᠬᠥᠷᠦᠩᠭᠡ᠎ᠶᠢ ᠱᠢᠯᠵᠢᠭᠦᠯᠬᠦ᠂ ᠴᠢᠬᠤᠯᠠ ᠶᠡᠬᠡ ᠲᠥᠷᠦᠯ ᠵᠦᠢᠯ᠎ᠦᠨ ᠪᠡᠯᠡ ᠣᠷᠤᠭᠤᠯᠤᠯᠲᠠ ᠵᠢᠴᠢ ᠪᠤᠰᠤᠳ ᠴᠢᠬᠤᠯᠠ ᠶᠡᠬᠡ ᠡᠵᠡᠩᠨᠡᠯᠲᠡ᠎ᠶᠢᠨ ᠠᠵᠢᠯᠯᠠᠭ᠎ᠠ ᠵᠡᠷᠭᠡ ᠶᠠᠪᠤᠳᠠᠯ᠎ᠢ ᠨᠥᠯᠦᠭᠡᠯᠡᠭᠰᠡᠨ ᠪᠠ ᠭᠠᠷ ᠲᠦᠷᠦᠭᠰᠡᠨ;

  (ᠭᠤᠷᠪᠠ) ᠡᠯ᠎ᠡ ᠵᠦᠢᠯ᠎ᠦᠨ ᠵᠠᠰᠠᠭ ᠵᠠᠬᠢᠷᠭᠠᠨ᠎ᠤ ᠵᠥᠪᠱᠢᠶᠡᠷᠡᠯ ᠪᠣᠯᠤᠨ ᠪᠡᠯᠡ ᠮᠥᠩᠭᠦ᠎ᠶᠢᠨ ᠵᠢᠭᠡᠯᠡᠯᠭᠡ ᠵᠡᠷᠭᠡ ᠶᠠᠪᠤᠳᠠᠯ ᠎ᠢ ᠨᠥᠯᠦᠭᠡᠯᠡᠭᠰᠡᠨ ᠪᠠ ᠭᠠᠷ ᠲᠦᠷᠦᠭᠰᠡᠨ;

  (ᠳᠥᠷᠪᠡ) ᠠᠵᠤ ᠠᠬᠤᠢ᠎ᠶᠢᠨ ᠵᠢᠭᠤᠷᠠᠯᠳᠤᠭᠠᠨ᠎ᠢ ᠨᠥᠯᠦᠭᠡᠯᠡᠭᠰᠡᠨ ᠪᠠ ᠭᠠᠷ ᠲᠦᠷᠦᠭᠰᠡᠨ;

  (ᠲᠠᠪᠤ) ᠬᠠᠮᠲᠤ ᠨᠡᠢᠲᠡ᠎ᠶᠢᠨ ᠪᠡᠯᠡ ᠮᠥᠩᠭᠦ᠂ ᠡᠳ᠋ ᠬᠥᠷᠦᠩᠭᠡ ᠪᠠ ᠡᠬᠢ ᠪᠠᠶᠠᠯᠢᠭ᠎ᠢ ᠬᠡᠷᠡᠭᠯᠡᠬᠦ᠂ ᠬᠤᠪᠢᠶᠠᠷᠢᠯᠠᠬᠤ᠂ ᠳᠠᠭᠠᠭᠠᠴᠢᠯᠠᠭᠤᠯᠬᠤ᠂ ᠲᠦᠷᠢᠶᠡᠰᠦᠯᠡᠭᠦᠯᠬᠦ ᠵᠡᠷᠭᠡ ᠶᠠᠪᠤᠳᠠᠯ᠎ᠢ ᠨᠥᠯᠦᠭᠡᠯᠡᠭᠰᠡᠨ ᠪᠠ ᠭᠠᠷ ᠲᠦᠷᠦᠭᠰᠡᠨ᠃

  ᠵᠠᠭᠤ ᠬᠣᠷᠢᠨ ᠳᠣᠯᠤᠳᠤᠭᠠᠷ ᠵᠦᠢᠯ  ᠨᠠᠮ᠎ᠤᠨ ᠭᠡᠱᠢᠭᠦᠨ ᠤᠳᠤᠷᠢᠳᠭᠤ ᠺᠠᠳ᠋ᠷ ᠬᠣᠯᠪᠤᠭᠳᠠᠯ ᠪᠦᠬᠦᠢ ᠲᠣᠭᠲᠠᠭᠠᠯ᠎ᠢ ᠵᠥᠷᠢᠴᠡᠵᠦ ᠬᠠᠤᠯᠢ᠎ᠪᠠᠷᠢᠬᠤ ᠠᠵᠢᠯᠯᠠᠭ᠎ᠠ᠂ ᠰᠠᠬᠢᠯᠭ᠎ᠠ ᠪᠠᠲᠤ ᠬᠡᠷᠡᠭᠵᠢᠭᠦᠯᠬᠦ ᠬᠠᠤᠯᠢ ᠬᠡᠷᠡᠭᠵᠢᠭᠦᠯᠬᠦ ᠠᠵᠢᠯᠯᠠᠭ᠎ᠠ᠎ᠶᠢ ᠨᠥᠯᠦᠭᠡᠯᠡᠬᠦ ᠪᠠ ᠭᠠᠷ ᠳᠦᠷᠦᠵᠤ᠂ ᠬᠣᠯᠪᠤᠭᠳᠠᠯ ᠪᠦᠬᠦᠢ ᠭᠠᠵᠠᠷ ᠣᠷᠤᠨ ᠪᠤᠶᠤ ᠬᠣᠯᠪᠤᠭᠳᠠᠯ ᠪᠦᠬᠦᠢ ᠰᠠᠯᠠᠭ᠎ᠠ ᠮᠥᠴᠢᠷ᠎ᠡᠴᠡ ᠬᠡᠷᠡᠭ᠎ᠦᠨ ᠪᠠᠢᠳᠠᠯ᠎ᠢ ᠰᠤᠷᠠᠭᠯᠠᠬᠤ᠂ ᠬᠠᠷᠠᠭᠠᠯᠵᠠᠯ ᠬᠦᠰᠡᠬᠦ᠂ ᠨᠠᠢᠷ ᠲᠠᠯ᠎ᠠ ᠬᠡᠯᠡᠬᠦ ᠪᠤᠶᠤ ᠪᠤᠰᠤᠳ ᠬᠡᠯᠪᠡᠷᠢ᠎ᠪᠡᠷ ᠬᠠᠤᠯᠢ᠎ᠪᠠᠷᠢᠬᠤ ᠠᠵᠢᠯᠯᠠᠭ᠎ᠠ᠂ ᠰᠠᠬᠢᠯᠭ᠎ᠠ ᠪᠠᠲᠤ ᠬᠡᠷᠡᠭᠵᠢᠭᠦᠯᠬᠦ ᠬᠠᠤᠯᠢ ᠬᠡᠷᠡᠭᠵᠢᠭᠦᠯᠬᠦ ᠠᠵᠢᠯᠯᠠᠭ᠎ᠠ᠎ᠳᠤ ᠨᠥᠯᠦᠭᠡ ᠦᠵᠡᠭᠦᠯᠵᠦ᠂ ᠦᠢᠯᠡ ᠪᠠᠢᠳᠠᠯ᠎ᠨᠢ ᠨᠡᠯᠢᠶᠡᠳ ᠬᠥᠩᠭᠡᠨ ᠪᠤᠯ᠂ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠡ᠃

  ᠨᠠᠮ᠎ᠤᠨ ᠭᠡᠱᠢᠭᠦᠨ ᠤᠳᠤᠷᠢᠳᠭᠤ ᠺᠠᠳ᠋ᠷ ᠬᠣᠯᠪᠤᠭᠳᠠᠯ ᠪᠦᠬᠦᠢ ᠲᠣᠭᠲᠠᠭᠠᠯ ᠎ᠢ ᠵᠥᠷᠢᠴᠡᠵᠦ ᠣᠯᠠᠨ ᠨᠡᠢᠲᠡ᠎ᠶᠢᠨ ᠡᠳ᠋᠎ᠦᠨ ᠵᠠᠰᠠᠭ᠎ᠤᠨ ᠪᠡᠯᠡ ᠮᠥᠩᠭᠦ᠎ᠶᠢ ᠬᠤᠪᠢᠶᠠᠷᠢᠯᠠᠬᠤ᠂ ᠲᠥᠷᠦᠯ ᠵᠦᠢᠯ ᠎ᠢ ᠲᠣᠭᠲᠠᠭᠠᠵᠤ ᠬᠢᠨᠠᠨ ᠦᠨᠡᠯᠡᠬᠦ᠂ ᠵᠠᠰᠠᠭ᠎ᠤᠨ ᠣᠷᠳᠤᠨ᠎ᠤ ᠱᠠᠩᠨᠠᠵᠤ ᠬᠥᠬᠢᠭᠦᠯᠬᠦ ᠵᠡᠷᠭᠡ ᠠᠵᠢᠯᠯᠠᠭ᠎ᠠ᠎ᠶᠢ ᠨᠥᠯᠦᠭᠡᠯᠡᠬᠦ ᠪᠠ ᠭᠠᠷ ᠳᠦᠷᠦᠵᠤ᠂ ᠬᠦᠨᠳᠦ ᠨᠣᠴᠢᠲᠠᠢ ᠬᠣᠬᠢᠷᠠᠯ ᠶᠡᠬᠡ ᠬᠣᠬᠢᠷᠠᠯ ᠤᠴᠠᠷᠠᠭᠤᠯᠤᠭᠰᠠᠨ ᠪᠤᠶᠤ ᠮᠠᠭᠤ ᠨᠥᠯᠦᠭᠡ ᠭᠠᠷᠭᠠᠭᠰᠠᠨ ᠪᠤᠯ᠂ ᠡᠮᠦᠨᠡᠬᠢ ᠵᠤᠷᠪᠤᠰ᠎ᠤᠨ ᠲᠣᠭᠲᠠᠭᠠᠯ᠎ᠢᠶᠠᠷ ᠱᠢᠢᠳᠪᠦᠷᠢᠯᠡᠨ᠎ᠡ᠃

  ᠵᠠᠭᠤ ᠬᠣᠷᠢᠨ ᠨᠠᠢ᠍ᠮᠠᠳᠤᠭᠠᠷ ᠵᠦᠢᠯ  ᠺᠠᠳ᠋ᠷ᠎ᠢ ᠱᠢᠯᠢᠨ ᠳᠡᠪᠱᠢᠭᠦᠯᠵᠦ ᠲᠣᠮᠢᠯᠠᠨ ᠬᠡᠷᠡᠭᠯᠡᠬᠦ᠂ ᠰᠠᠬᠢᠯᠭ᠎ᠠ ᠪᠠᠲᠤ᠎ᠶᠢᠨ ᠬᠢᠨᠠᠨ ᠪᠠᠢᠴᠠᠭᠠᠯᠲᠠ᠂ ᠲᠣᠭᠤᠷᠢᠨ ᠪᠠᠢᠴᠠᠭᠠᠬᠤ ᠴᠠᠭᠳᠠᠨ ᠪᠠᠢᠴᠠᠭᠠᠬᠤ ᠵᠡᠷᠭᠡ᠎ᠶᠢᠨ ᠲᠤᠬᠠᠢ ᠨᠠᠮ᠎ᠤᠨ ᠵᠣᠬᠢᠶᠠᠨ ᠪᠠᠢᠭᠤᠯᠤᠯᠲᠠ᠎ᠶᠢᠨ ᠬᠠᠷᠠᠬᠠᠨ ᠢᠯᠡ ᠪᠣᠯᠭᠠᠭᠠᠳᠤᠢ ᠶᠠᠪᠤᠳᠠᠯ ᠪᠤᠶᠤ ᠪᠤᠰᠤᠳ ᠨᠢᠭᠤᠴᠠ᠎ᠶᠢ ᠬᠠᠮᠠᠭᠠᠯᠠᠬᠤ ᠶᠣᠰᠤᠲᠠᠢ ᠠᠭᠤᠯᠭ᠎ᠠ᠎ᠶᠢ ᠵᠠᠳᠠᠷᠠᠭᠤᠯᠤᠭᠰᠠᠨ᠂ ᠲᠠᠷᠬᠠᠭᠠᠭᠰᠠᠨ ᠪᠤᠶᠤ ᠠᠰᠠᠭᠤᠨ ᠰᠤᠷᠠᠭᠯᠠᠭᠰᠠᠨ᠂ ᠬᠤᠯᠠᠭᠠᠢᠯᠠᠭᠰᠠᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠺᠠᠳ᠋ᠷ᠎ᠢ ᠱᠢᠯᠢᠨ ᠳᠡᠪᠱᠢᠭᠦᠯᠵᠦ ᠲᠣᠮᠢᠯᠠᠨ ᠬᠡᠷᠡᠭᠯᠡᠬᠦ᠂ ᠰᠠᠬᠢᠯᠭ᠎ᠠ ᠪᠠᠲᠤ᠎ᠶᠢᠨ ᠬᠢᠨᠠᠨ ᠪᠠᠢᠴᠠᠭᠠᠯᠲᠠ᠂ ᠲᠣᠭᠤᠷᠢᠨ ᠪᠠᠢᠴᠠᠭᠠᠬᠤ ᠴᠠᠭᠳᠠᠨ ᠪᠠᠢᠴᠠᠭᠠᠬᠤ ᠵᠡᠷᠭᠡ ᠲᠠᠯ᠎ᠠ᠎ᠳᠤ ᠬᠣᠯᠪᠤᠭᠳᠠᠬᠤ ᠨᠠᠮ᠎ᠤᠨ ᠵᠣᠬᠢᠶᠠᠨ ᠪᠠᠢᠭᠤᠯᠤᠯᠲᠠ᠎ᠶᠢᠨ ᠪᠢᠴᠢᠭ ᠮᠠᠲᠧᠷᠢᠶᠠᠯ ᠎ᠢ ᠳᠤᠷ᠎ᠠ᠎ᠪᠠᠷ᠎ᠢᠶᠠᠨ ᠦᠯᠡᠳᠡᠭᠡᠨ ᠬᠠᠳᠠᠭᠠᠯᠠᠵᠤ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠵᠠᠭᠤ ᠬᠤᠷᠢ ᠶᠢᠰᠦᠳᠦᠭᠡᠷ ᠵᠦᠢᠯ  ᠱᠢᠯᠭᠠᠬᠤ᠂ ᠡᠯᠰᠡᠬᠦ ᠠᠵᠢᠯ᠎ᠳᠤ᠂ ᠱᠢᠯᠭᠠᠯᠲᠠ᠎ᠶᠢᠨ ᠰᠡᠳᠦᠪ᠎ᠢ ᠵᠠᠳᠠᠷᠠᠭᠤᠯᠤᠭᠰᠠᠨ᠂ ᠰᠢᠯᠭᠠᠯᠲᠠ᠎ᠶᠢᠨ ᠲᠠᠯᠠᠪᠤᠷ᠎ᠲᠤ ᠭᠡᠮ ᠬᠢᠭᠰᠡᠨ᠂ ᠱᠢᠯᠭᠠᠯᠲᠠ᠎ᠶᠢᠨ ᠬᠠᠭᠤᠳᠠᠰᠤ᠎ᠶᠢ ᠪᠠᠯᠠᠯᠤᠨ ᠵᠠᠰᠠᠭᠰᠠᠨ᠂ ᠲᠣᠭᠲᠠᠭᠠᠯ᠎ᠢ ᠵᠥᠷᠢᠴᠡᠵᠦ ᠡᠯᠰᠡᠭᠰᠡᠨ ᠵᠡᠷᠭᠡ ᠬᠣᠯᠪᠤᠭᠳᠠᠯ ᠪᠦᠬᠦᠢ ᠲᠣᠭᠲᠠᠭᠠᠯ᠎ᠠᠴᠠ ᠵᠥᠷᠢᠴᠡᠭᠰᠡᠨ ᠠᠵᠢᠯᠯᠠᠭ᠎ᠠ ᠬᠢᠭᠰᠡᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠠᠭᠤ ᠭᠤᠴᠢᠳᠤᠭᠠᠷ ᠵᠦᠢᠯ   ᠵᠣᠬᠢᠰ ᠪᠤᠰᠤ ᠠᠷᠭ᠎ᠠ ᠬᠡᠯᠪᠡᠷᠢ᠎ᠪᠡᠷ ᠲᠤᠰ ᠬᠥᠮᠦᠨ᠎ᠦ ᠪᠤᠶᠤ ᠪᠤᠰᠤᠳ ᠬᠥᠮᠦᠨ᠎ᠦ ᠠᠯᠪᠠᠨ ᠵᠣᠭᠤᠰ᠎ᠢᠶᠠᠷ ᠭᠠᠳᠠᠭᠠᠳᠤ᠎ᠳᠤ ᠭᠠᠷᠬᠤ (ᠬᠢᠯᠢ᠎ᠡᠴᠡ ᠭᠠᠷᠭᠠᠬᠤ)᠎ᠶᠢ ᠬᠥᠭᠡᠭᠡᠴᠡᠯᠳᠦᠵᠦ᠂ ᠦᠢᠯᠡ ᠪᠠᠢᠳᠠᠯ᠎ᠨᠢ ᠬᠥᠩᠭᠡᠨ ᠪᠤᠯ᠂ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠵᠠᠭᠤ ᠭᠤᠴᠢᠨ ᠨᠢᠭᠡᠳᠦᠭᠡᠷ ᠵᠦᠢᠯ  ᠲᠦᠷ ᠴᠠᠭ᠎ᠢᠶᠠᠷ ᠭᠠᠳᠠᠭᠠᠳᠤ᠎ᠳᠤ ᠭᠠᠷᠬᠤ (ᠬᠢᠯᠢ᠎ᠡᠴᠡ ᠭᠠᠷᠬᠤ) ᠪᠦᠯᠬᠦᠮ (ᠳᠤᠭᠤᠢᠯᠠᠩ) ᠪᠤᠶᠤ ᠬᠥᠮᠦᠰ᠎ᠦᠨ ᠳᠣᠲᠤᠷᠠᠬᠢ ᠨᠠᠮ᠎ᠤᠨ ᠭᠡᠱᠢᠭᠦᠨ᠂ ᠤᠯᠤᠰ (ᠬᠢᠯᠢ᠎ᠶᠢᠨ ᠭᠠᠳᠠᠨ᠎ᠠ ᠪᠠᠢᠬᠤ)᠎ᠶᠢᠨ ᠭᠠᠳᠠᠨ᠎ᠠ ᠪᠠᠢᠬᠤ ᠬᠤᠭᠤᠴᠠᠭ᠎ᠠ᠎ᠶᠢ ᠳᠤᠷ᠎ᠠ᠎ᠪᠠᠷ᠎ᠢᠶᠠᠨ ᠤᠷᠲᠤᠳᠭᠠᠭᠰᠠᠨ ᠪᠤᠶᠤ ᠵᠠᠮ ᠱᠤᠭᠤᠮ᠎ᠢᠶᠠᠨ ᠳᠤᠷ᠎ᠠ᠎ᠪᠠᠷ᠎ᠢᠶᠠᠨ ᠬᠤᠪᠢᠷᠠᠭᠤᠯᠤᠭᠰᠠᠨ ᠪᠤᠯ᠂ ᠱᠢᠭᠤᠳ ᠬᠠᠷᠢᠭᠤᠴᠠᠯᠭ᠎ᠠ᠎ᠲᠠᠢ ᠬᠥᠮᠦᠨ ᠪᠣᠯᠤᠨ ᠤᠳᠤᠷᠢᠳᠭᠤ ᠬᠠᠷᠢᠭᠤᠴᠠᠯᠭ᠎ᠠ᠎ᠲᠠᠢ ᠬᠥᠮᠦᠨ᠎ᠳᠦ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠵᠠᠭᠤ ᠭᠤᠴᠢᠨ ᠬᠣᠶᠠᠳᠤᠭᠠᠷ ᠵᠦᠢᠯ  ᠭᠠᠳᠠᠭᠠᠳᠤ᠎ᠳᠤ ᠰᠠᠭᠤᠭ᠎ᠠ ᠪᠠᠢᠭᠤᠯᠤᠮᠵᠢ ᠪᠤᠶᠤ ᠲᠦᠷ ᠴᠠᠭ᠎ᠢᠶᠠᠷ ᠭᠠᠳᠠᠭᠠᠳᠤ᠎ᠳᠤ ᠭᠠᠷᠬᠤ (ᠬᠢᠯᠢ᠎ᠡᠴᠡ ᠭᠠᠷᠬᠤ) ᠪᠦᠯᠬᠦᠮ (ᠳᠤᠭᠤᠢᠯᠠᠩ)᠎ᠤᠨ ᠳᠣᠲᠤᠷᠠᠬᠢ ᠨᠠᠮ᠎ᠤᠨ ᠭᠡᠱᠢᠭᠦᠨ᠂ ᠰᠠᠭᠤᠭ᠎ᠠ ᠤᠯᠤᠰ᠂ ᠭᠠᠵᠠᠷ ᠣᠷᠤᠨ᠎ᠤ ᠬᠠᠤᠯᠢ ᠴᠠᠭᠠᠵᠠ᠂ ᠬᠠᠤᠯᠢ ᠵᠠᠷᠯᠠᠯ᠎ᠠᠴᠠ ᠵᠥᠷᠢᠴᠡᠭᠰᠡᠨ ᠪᠤᠶᠤ ᠰᠠᠭᠤᠭ᠎ᠠ ᠤᠯᠤᠰ᠂ ᠭᠠᠵᠠᠷ ᠣᠷᠤᠨ᠎ᠤ᠎ᠪᠠᠨ ᠱᠠᠱᠢᠨ ᠰᠤᠷᠲᠠᠬᠤᠨ ᠵᠠᠩ ᠦᠢᠯᠡ᠎ᠶᠢ ᠦᠯᠦ ᠬᠦᠨᠳᠦᠳᠬᠡᠵᠦ᠂ ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠤ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠠᠭᠤ ᠭᠤᠴᠢᠨ ᠭᠤᠷᠪᠠᠳᠤᠭᠠᠷ ᠵᠦᠢᠯ  ᠨᠠᠮ᠎ᠤᠨ ᠰᠠᠬᠢᠯᠭ᠎ᠠ ᠪᠠᠲᠤ ᠪᠠᠢᠴᠠᠭᠠᠬᠤ᠂ ᠵᠣᠬᠢᠶᠠᠨ ᠪᠠᠢᠭᠤᠯᠬᠤ᠂ ᠤᠬᠠᠭᠤᠯᠬᠤ᠂ ᠨᠢᠭᠡᠳᠦᠮᠡᠯ ᠹᠷᠤᠨᠲ᠎ᠤᠨ ᠠᠵᠢᠯ ᠵᠢᠴᠢ ᠪᠠᠢᠭᠤᠯᠭ᠎ᠠ᠎ᠶᠢᠨ ᠠᠵᠢᠯ ᠵᠡᠷᠭᠡ ᠪᠤᠰᠤᠳ ᠠᠵᠢᠯ᠎ᠳᠤ᠂ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠬᠡᠭᠰᠡᠨ᠎ᠦᠭᠡᠢ ᠪᠤᠶᠤ ᠵᠥᠪ᠎ᠢᠶᠡᠷ ᠭᠦᠢᠴᠡᠳᠬᠡᠭᠰᠡᠨ᠎ᠦᠭᠡᠢ᠎ᠡᠴᠡ ᠪᠣᠯᠵᠤ ᠬᠣᠬᠢᠷᠠᠯ ᠤᠴᠠᠷᠠᠭᠤᠯᠤᠭᠰᠠᠨ ᠪᠤᠶᠤ ᠮᠠᠭᠤ ᠨᠥᠯᠦᠭᠡ ᠭᠠᠷᠭᠠᠭᠰᠠᠨ ᠪᠤᠯ᠂ ᠪᠣᠳᠠᠲᠠᠢ ᠦᠢᠯᠡ ᠪᠠᠢᠳᠠᠯ ᠎ᠢ ᠎ᠨᠢ ᠦᠨᠳᠦᠰᠦᠯᠡᠵᠦ ᠳᠣᠩᠭᠤᠳᠭᠤ ᠱᠢᠢᠳᠭᠡᠯ ᠦᠭᠭᠦ ᠪᠤᠶᠤ ᠴᠢᠨᠠᠭᠱᠢᠯᠠᠪᠠᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

 

    ᠠᠷᠪᠠᠨ ᠨᠢᠭᠡᠳᠦᠭᠡᠷ ᠪᠦᠯᠦᠭ  ᠠᠮᠢᠳᠤᠷᠠᠯ᠎ᠤᠨ ᠰᠠᠬᠢᠯᠭ᠎ᠠ ᠪᠠᠲᠤ᠎ᠠᠴᠠ ᠵᠥᠷᠢᠴᠡᠭᠰᠡᠨ ᠦᠢᠯᠡ ᠠᠵᠢᠯᠯᠠᠭ᠎ᠠ᠎ᠳᠤ ᠦᠭᠬᠦ ᠱᠢᠢᠳᠭᠡᠯ

 

  ᠵᠠᠭᠤ ᠭᠤᠴᠢᠨ ᠳᠥᠷᠪᠡᠳᠦᠭᠡᠷ ᠵᠦᠢᠯ   ᠠᠮᠢᠳᠤᠷᠠᠯ᠎ᠳᠤ᠎ᠪᠠᠨ ᠱᠠᠯᠢᠨ ᠪᠦᠷᠢᠯᠭᠡᠵᠦ᠂ ᠵᠢᠷᠭᠠᠵᠤ ᠴᠡᠩᠭᠡᠬᠦ᠎ᠳᠦ ᠱᠢᠨᠤᠬᠠᠢᠷᠠᠵᠤ᠂ ᠪᠤᠯᠬᠢ ᠮᠠᠭᠤᠬᠠᠢ ᠳᠤᠷ᠎ᠠ ᠰᠣᠨᠢᠷᠬᠠᠯ ᠎ᠢ ᠬᠥᠭᠡᠭᠡᠴᠡᠯᠳᠦᠵᠦ᠂ ᠮᠠᠭᠤ ᠨᠥᠯᠦᠭᠡ ᠭᠠᠷᠭᠠᠭᠰᠠᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠵᠠᠭᠤ ᠭᠤᠴᠢᠨ ᠲᠠᠪᠤᠳᠤᠭᠠᠷ ᠵᠦᠢᠯ  ᠪᠤᠰᠤᠳ ᠬᠥᠮᠦᠨ᠎ᠲᠡᠢ ᠵᠦᠢ ᠪᠤᠰᠤ ᠪᠡᠯᠭᠡ᠎ᠶᠢᠨ ᠬᠠᠷᠢᠴᠠᠭ᠎ᠠ ᠡᠭᠦᠰᠴᠦ᠂ ᠮᠠᠭᠤ ᠨᠥᠯᠦᠭᠡ ᠭᠠᠷᠭᠠᠭᠰᠠᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠡᠷᠬᠡ ᠲᠤᠱᠢᠶᠠᠯ᠂ ᠰᠤᠷᠭᠠᠵᠤ ᠬᠥᠮᠦᠵᠢᠭᠦᠯᠬᠦ ᠬᠠᠷᠢᠴᠠᠭ᠎ᠠ᠂ ᠬᠠᠷᠢᠶᠠᠯᠠᠬᠤ ᠬᠠᠷᠢᠴᠠᠭ᠎ᠠ ᠪᠤᠶᠤ ᠪᠤᠰᠤᠳ ᠠᠳᠠᠯᠢᠪᠲᠤᠷ ᠬᠠᠷᠢᠴᠠᠭ᠎ᠠ᠎ᠶᠢ ᠠᠱᠢᠭᠯᠠᠵᠤ ᠪᠤᠰᠤᠳ ᠬᠥᠮᠦᠨ᠎ᠲᠡᠢ ᠪᠡᠯᠭᠡ᠎ᠶᠢᠨ ᠬᠠᠷᠢᠴᠠᠭ᠎ᠠ ᠡᠭᠦᠰᠦᠭᠰᠡᠨ ᠪᠤᠯ᠂ ᠬᠦᠨᠳᠦ᠎ᠪᠡᠷ ᠱᠢᠢᠳᠬᠡᠨ᠎ᠡ᠃

  ᠵᠠᠭᠤ ᠭᠤᠴᠢᠨ ᠵᠢᠷᠭᠤᠳᠤᠭᠠᠷ ᠵᠦᠢᠯ  ᠨᠠᠮ᠎ᠤᠨ ᠭᠡᠱᠢᠭᠦᠨ ᠤᠳᠤᠷᠢᠳᠭᠤ ᠺᠠᠳ᠋ᠷ ᠭᠡᠷ᠎ᠦᠨ ᠰᠤᠷᠲᠠᠯ᠎ᠤᠨ ᠪᠠᠢᠭᠤᠯᠤᠯᠲᠠ᠎ᠶᠢ ᠴᠢᠬᠤᠯᠠᠴᠢᠯᠠᠬᠤ᠎ᠦᠭᠡᠢ ᠪᠠᠢᠵᠤ᠂ ᠬᠠᠨᠢ ᠨᠥᠬᠦᠷ᠂ ᠦᠷ᠎ᠡ ᠬᠡᠦᠬᠡᠳ ᠵᠢᠴᠢ ᠲᠡᠳᠡᠨ᠎ᠦ ᠬᠠᠨᠢ ᠨᠥᠬᠦᠷ ᠎ᠢ ᠬᠠᠮᠢᠶᠠᠷᠴᠤ ᠰᠤᠷᠭᠠᠬᠤ ᠲᠠᠯ᠎ᠠ᠎ᠪᠠᠷ ᠭᠦᠢᠴᠡᠳ᠎ᠦᠭᠡᠢ᠎ᠡᠴᠡ ᠪᠣᠯᠵᠤ ᠮᠠᠭᠤ ᠨᠥᠯᠦᠭᠡ ᠪᠤᠶᠤ ᠬᠦᠨᠳᠦ ᠨᠣᠴᠢᠲᠠᠢ ᠦᠷ᠎ᠡ ᠳ᠋ᠦᠩ ᠭᠠᠷᠭᠠᠭᠰᠠᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠱᠢᠢᠳᠭᠡᠯ ᠦᠭᠭᠦᠨ᠎ᠠ᠃

  ᠵᠠᠭᠤ ᠭᠤᠴᠢᠨ ᠳᠣᠯᠤᠳᠤᠭᠠᠷ ᠵᠦᠢᠯ  ᠨᠡᠢᠭᠡᠮ ᠨᠡᠢᠲᠡ᠎ᠶᠢᠨ ᠡᠮᠬᠢ ᠵᠢᠷᠤᠮ ᠰᠠᠢᠨ ᠬᠡᠪ ᠰᠤᠷᠲᠠᠯ᠎ᠠᠴᠠ ᠵᠥᠷᠢᠴᠡᠨ᠂ ᠣᠯᠠᠨ ᠨᠡᠢᠲᠡ᠎ᠶᠢᠨ ᠲᠠᠯᠠᠪᠤᠷ᠎ᠲᠤ ᠵᠣᠬᠢᠰ᠎ᠦᠭᠡᠢ ᠦᠢᠯᠡ ᠠᠵᠢᠯᠯᠠᠭ᠎ᠠ ᠬᠢᠵᠦ᠂ ᠮᠠᠭᠤ ᠨᠥᠯᠦᠭᠡ ᠭᠠᠷᠭᠠᠭᠰᠠᠨ ᠪᠤᠯ᠂ ᠳᠣᠩᠭᠤᠳᠭᠤ ᠪᠤᠶᠤ ᠴᠢᠩᠭ᠎ᠠ ᠳᠣᠩᠭᠤᠳᠭᠤ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠨᠡᠯᠢᠶᠡᠳ ᠬᠦᠨᠳᠦ ᠪᠤᠯ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ ᠪᠤᠶᠤ ᠨᠠᠮ᠎ᠳᠤ ᠪᠠᠢᠯᠭᠠᠵᠤ ᠬᠢᠨᠠᠨ ᠦᠵᠡᠬᠦ ᠱᠢᠢᠳᠭᠡᠯ ᠦᠭᠭᠦᠨ᠎ᠠ; ᠦᠢᠯᠡ ᠪᠠᠢᠳᠠᠯ᠎ᠨᠢ ᠬᠦᠨᠳᠦ ᠨᠣᠴᠢᠲᠠᠢ ᠪᠤᠯ᠂ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

  ᠵᠠᠭᠤ ᠭᠤᠴᠢᠨ ᠨᠠᠢ᠍ᠮᠠᠳᠤᠭᠠᠷ ᠵᠦᠢᠯ  ᠨᠡᠢᠭᠡᠮ᠎ᠦᠨ ᠶᠣᠰᠤ ᠰᠤᠷᠲᠠᠬᠤᠨ᠂ ᠭᠡᠷ ᠪᠦᠯᠢ᠎ᠶᠢᠨ ᠰᠠᠢᠬᠠᠨ ᠵᠠᠩ ᠰᠤᠷᠲᠠᠯ᠎ᠠᠴᠠ ᠬᠦᠨᠳᠦ ᠨᠣᠴᠢᠲᠠᠢ ᠵᠥᠷᠢᠴᠡᠭᠰᠡᠨ ᠪᠤᠰᠤᠳ ᠦᠢᠯᠡ ᠠᠵᠢᠯᠯᠠᠭ᠎ᠠ᠎ᠲᠠᠢ ᠪᠠᠢᠪᠠᠯ᠂ ᠪᠣᠳᠠᠲᠠᠢ ᠦᠢᠯᠡ ᠪᠠᠢᠳᠠᠯ ᠎ᠢ ᠎ᠨᠢ ᠦᠨᠳᠦᠰᠦᠯᠡᠵᠦ ᠳᠣᠩᠭᠤᠳᠭᠤ ᠱᠢᠢᠳᠭᠡᠯ ᠦᠭᠭᠦ ᠪᠤᠶᠤ ᠴᠢᠨᠠᠭᠱᠢᠯᠠᠪᠠᠯ ᠨᠠᠮ᠎ᠠᠴᠠ ᠬᠥᠭᠡᠭᠡᠬᠦ ᠱᠢᠢᠳᠭᠡᠯ ᠦᠭᠭᠦᠨ᠎ᠠ᠃

(ᠬᠠᠷᠢᠭᠤᠴᠠᠭᠰᠠᠨ ᠨᠠᠢᠷᠠᠭᠤᠯᠤᠭᠴᠢ : ᠰᠠᠢᠬᠠᠨ᠎ᠠ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠠᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ:
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ
ᠱᠢᠨ᠎ᠡ
ᠬᠤᠲᠠ
ᠲᠤᠭᠤᠷᠢᠭ᠎ᠤᠨ
ᠱᠢᠩᠬᠤᠸᠠ
ᠵᠡᠬᠦᠨ
ᠵᠡᠭᠡᠯᠢ᠎ᠵᠢᠨ
89᠎ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ᠃