ᠬᠡᠪᠯᠡᠯ᠎ᠦᠨ ᠪᠦᠯᠦᠭᠯᠡᠯ᠎ᠦᠨ ᠨᠠᠮ᠎ᠤᠨ ᠬᠣᠷᠢᠶᠠᠨ᠎ᠤ ᠱᠦᠵᠢ ᠱᠤᠸᠠᠩ ᠯᠦᠩ ᠨᠥᠬᠦᠷ ᠨᠠᠮ᠎ᠤᠨ ᠬᠢᠴᠢᠶᠡᠯ ᠣᠷᠤᠪᠠ᠄ ᠠᠷᠠᠳ ᠳᠦᠮᠡᠨ᠎ᠢᠶᠡᠷ ᠭᠣᠤᠯ ᠪᠣᠯᠭᠠᠬᠤ᠎ᠶᠢ ᠪᠠᠷᠢᠮᠳᠠᠯᠠᠬᠤ᠎ᠶᠢ ᠭᠦᠨᠵᠡᠭᠡᠢ ᠣᠢᠯᠠᠭᠠᠨ ᠳᠤᠭᠤᠱᠢᠯᠠᠭᠤᠯᠤᠶ᠎ᠠ
2020.06.30

  ᠬᠡᠪᠯᠡᠯ᠎ᠦᠨ ᠪᠦᠯᠦᠭᠯᠡᠯ᠎ᠦᠨ ᠨᠠᠮ᠎ᠤᠨ ᠬᠣᠷᠢᠶ᠎ᠠ᠎ᠡᠴᠡ ᠨᠠᠮ ᠪᠠᠢᠭᠤᠯᠤᠭᠳᠠᠭᠰᠠᠨ 99 ᠵᠢᠯ᠎ᠤᠨ ᠤᠢ᠎ᠶᠢ ᠳᠤᠷᠠᠰᠭᠠᠬᠤ ᠱᠢᠷᠢᠰ ᠠᠵᠢᠯᠯᠠᠭ᠎ᠠ ᠪᠣᠯᠤᠨ ᠤᠳᠤᠷᠢᠳᠭᠤ ᠺᠠᠳ᠋ᠷ ᠲᠦᠷᠦᠭᠦᠯᠡᠨ ᠨᠠᠮ᠎ᠤᠨ ᠬᠢᠴᠢᠶᠡᠯ ᠣᠷᠤᠬᠤ ᠠᠵᠢᠯ᠎ᠤᠨ ᠳᠤᠬᠢᠷᠠᠭᠤᠯᠤᠯᠳᠠ ᠶᠣᠰᠤᠭᠠᠷ ᠪᠦᠯᠦᠭᠯᠡᠯ᠎ᠦᠨ ᠨᠠᠮ᠎ᠤᠨ ᠬᠣᠷᠢᠶᠠᠨ᠎ᠤ ᠱᠦᠵᠢ ᠬᠡᠷᠡᠭ ᠮᠡᠳᠡᠭᠴᠢᠳ᠎ᠦᠨ ᠳᠠᠷᠤᠭ᠎ᠠ ᠱᠤᠸᠠᠩ ᠯᠦᠩ ᠨᠥᠬᠦᠷ᠎ᠡᠴᠡ ᠶᠡᠷᠦᠩᠬᠡᠢ ᠱᠦᠵᠢ ᠰᠢ᠎ᠵᠢᠨ ᠫᠢᠩ᠎ᠤᠨ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠭᠤᠷᠪᠠᠳᠤᠭᠠᠷ ᠤᠳᠠᠭᠠᠨ᠎ᠤ ᠬᠤᠷᠠᠯᠳᠤᠭᠠᠨ᠎ᠳᠤ ᠥᠪᠦᠷ ᠮᠣᠩᠭᠤᠯ᠎ᠤᠨ ᠳᠦᠯᠦᠭᠡᠯᠡᠭᠴᠢᠳ᠎ᠦᠨ ᠪᠦᠯᠬᠦᠮ᠎ᠦᠨ ᠬᠢᠨᠠᠨ ᠵᠥᠪᠯᠡᠬᠦ᠎ᠳᠤ ᠣᠷᠤᠯᠴᠠᠬᠤ᠎ᠳᠤ᠎ᠪᠠᠨ ᠶᠠᠷᠢᠭᠰᠠᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶᠢᠨ ᠳᠤᠭᠤᠷᠢᠨ᠎ᠳᠤ ᠪᠦᠯᠦᠭᠯᠡᠯ᠎ᠦᠨ ᠨᠠᠮ᠎ᠤᠨ ᠭᠡᠱᠢᠭᠦᠨ ᠤᠳᠤᠷᠢᠳᠭᠤ ᠺᠠᠳ᠋ᠷ᠎ᠲᠤ ᠨᠢᠭᠡᠨ ᠤᠳᠠᠭᠠᠨ᠎ᠤ ᠠᠮᠢᠳᠤᠯᠢᠭ ᠰᠠᠢᠬᠠᠨ ᠨᠠᠮ᠎ᠤᠨ ᠬᠢᠴᠢᠶᠡᠯ ᠣᠷᠤᠭᠰᠠᠨ ᠪᠠᠢᠨ᠎ᠠ᠃

  ᠨᠠᠮ᠎ᠤᠨ ᠬᠢᠴᠢᠶᠡᠯ᠎ᠨᠢ 《ᠠᠷᠠᠳ ᠳᠦᠮᠡᠨ᠎ᠢᠶᠡᠷ ᠭᠣᠤᠯ ᠪᠣᠯᠭᠠᠬᠤ᠎ᠶᠢ ᠪᠠᠷᠢᠮᠳᠠᠯᠠᠬᠤ᠎ᠶᠢ ᠭᠦᠨᠵᠡᠭᠡᠢ ᠣᠢᠯᠠᠭᠠᠨ ᠳᠤᠭᠤᠱᠢᠯᠠᠭᠤᠯᠤᠶ᠎ᠠ》 ᠭᠡᠬᠦ ᠰᠡᠳᠦᠪ᠎ᠢᠶᠡᠷ ᠠᠷᠠᠳ ᠳᠦᠮᠡᠨ᠎ᠢᠶᠡᠷ ᠭᠣᠤᠯ ᠪᠣᠯᠭᠠᠬᠤ᠎ᠶᠢ ᠪᠠᠷᠢᠮᠳᠠᠯᠠᠬᠤ ᠬᠦᠭᠵᠢᠯᠳᠠ᠎ᠶᠢᠨ ᠦᠵᠡᠯ ᠰᠠᠨᠠᠭ᠎ᠠ᠎ᠶᠢ ᠱᠢᠰᠲᠧᠮ᠎ᠲᠠᠢ ᠳᠠᠢᠯᠪᠤᠷᠢᠯᠠᠵᠦ᠂ ᠬᠡᠪᠯᠡᠯ᠎ᠦᠨ ᠪᠦᠯᠦᠭᠯᠡᠯ᠎ᠦᠨ ᠪᠤᠳᠠᠳᠠᠢ ᠠᠵᠢᠯ᠎ᠲᠠᠢ ᠤᠶᠠᠯᠳᠤᠭᠤᠯᠤᠨ ᠬᠦᠭᠵᠢᠯᠳᠠ᠎ᠶᠢᠨ ᠴᠢᠭᠯᠡᠯ᠎ᠢ ᠵᠢᠭᠠᠨ ᠭᠠᠷᠭᠠᠵᠦ᠂ ᠳᠤᠳᠤᠷᠬᠠᠢ ᠱᠠᠭᠠᠷᠳᠠᠯᠭ᠎ᠠ ᠳᠤᠷᠠᠳᠪᠠ᠃

  ᠱᠤᠸᠠᠩ ᠯᠦᠩ ᠵᠢᠭᠠᠵᠦ ᠭᠠᠷᠭᠠᠭᠰᠠᠨ᠎ᠨᠢ᠂ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ᠎ᠤᠨ ᠢᠯᠡᠳᠭᠡᠯ᠎ᠳᠤ 《ᠠᠷᠠᠳ ᠳᠦᠮᠡᠨ᠎ᠢᠶᠡᠷ ᠭᠣᠤᠯ ᠪᠣᠯᠭᠠᠬᠤ》᠎ᠶᠢ ᠱᠢᠨ᠎ᠡ ᠴᠠᠭ ᠦᠶ᠎ᠡ᠎ᠳᠤ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠢ ᠪᠠᠷᠢᠮᠳᠠᠯᠠᠨ ᠬᠥᠭᠵᠢᠭᠦᠯᠬᠦ᠎ᠶᠢᠨ ᠦᠨᠳᠦᠰᠦᠨ ᠠᠷᠭ᠎ᠠ ᠪᠣᠳᠤᠯᠭ᠎ᠠ᠎ᠶᠢᠨ ᠨᠢᠭᠡ᠎ᠪᠡᠷ ᠳᠤᠭᠳᠠᠭᠠᠪᠠ᠂ ᠡᠨᠡ᠎ᠨᠢ ᠠᠵᠤ ᠠᠬᠤᠢ ᠨᠡᠢᠭᠡᠮ᠎ᠦᠨ ᠬᠦᠭᠵᠢᠯᠳᠠ᠎ᠳᠤ ᠠᠷᠠᠳ ᠳᠦᠮᠡᠨ᠎ᠢᠶᠡᠷ ᠭᠣᠤᠯ ᠪᠣᠯᠭᠠᠬᠤ ᠬᠦᠭᠵᠢᠯᠳᠠ᠎ᠶᠢᠨ ᠦᠵᠡᠯ ᠰᠠᠨᠠᠭ᠎ᠠ᠎ᠶᠢ ᠪᠠᠷᠢᠮᠳᠠᠯᠠᠬᠤ᠎ᠪᠡᠷ ᠪᠠᠷᠠᠬᠤ᠎ᠦᠭᠡᠢ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠢᠯᠡᠰ᠎ᠦᠨ ᠡᠯ᠎ᠡ ᠬᠦᠷᠢᠶ᠎ᠡ ᠴᠠᠷᠠᠭ᠎ᠠ ᠪᠦᠬᠦ ᠶᠠᠪᠤᠴᠠ᠎ᠳᠤ ᠴᠥᠮ ᠠᠷᠠᠳ ᠳᠦᠮᠡᠨ᠎ᠢᠶᠡᠷ ᠭᠣᠤᠯ ᠪᠣᠯᠭᠠᠬᠤ᠎ᠶᠢ ᠪᠠᠷᠢᠮᠳᠠᠯᠠᠬᠤ ᠬᠡᠷᠡᠭᠳᠡᠢ ᠭᠡᠳᠡᠭ᠎ᠢ ᠬᠠᠷᠠᠭᠤᠯᠵᠦ ᠪᠠᠢᠨ᠎ᠠ ᠬᠡᠵᠠᠢ᠃

  ᠱᠤᠸᠠᠩ ᠯᠦᠩ ᠴᠢᠬᠤᠯᠠᠴᠢᠯᠠᠭᠰᠠᠨ᠎ᠨᠢ᠂ ᠠᠷᠠᠳ ᠳᠦᠮᠡᠨ᠎ᠢᠶᠡᠷ ᠭᠣᠤᠯ ᠪᠣᠯᠭᠠᠬᠤ᠎ᠶᠢ ᠪᠠᠷᠢᠮᠳᠠᠯᠠᠬᠤ ᠪᠣᠯ ᠰᠢ᠎ᠵᠢᠨ ᠫᠢᠩ᠎ᠤᠨ ᠱᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠴᠢᠬᠤᠯᠠ ᠠᠭᠤᠯᠭ᠎ᠠ ᠪᠠᠢᠵᠦ᠂ ᠲᠡᠷᠡ᠎ᠨᠢ ᠰᠢ᠎ᠵᠢᠨ ᠫᠢᠩ᠎ᠤᠨ ᠱᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠪᠦᠬᠦ ᠲᠠᠯ᠎ᠠ᠎ᠳᠤ ᠨᠡᠪᠳᠡᠷᠡᠨ᠂ ᠡᠯᠪᠡᠭ ᠪᠠᠶᠠᠯᠢᠭ ᠮᠦᠷᠳᠡᠬᠡᠨ ᠭᠦᠨ ᠭᠦᠨᠵᠡᠭᠡᠢ ᠦᠵᠡᠯ ᠰᠠᠨᠠᠭᠠᠨ᠎ᠤ ᠠᠭᠤᠯᠤᠭᠳᠠᠬᠤᠨ᠎ᠲᠠᠢ᠎ᠶᠤᠮ᠃ ᠳᠡᠬᠦᠨ᠎ᠦ ᠦᠨᠳᠦᠰᠦᠨ ᠠᠭᠤᠯᠤᠭᠳᠠᠬᠤᠨ ᠪᠣᠯ ᠳᠠᠷᠤᠢ ᠠᠷᠠᠳ ᠳᠦᠮᠡᠨ᠎ᠢ ᠠᠯᠢᠪᠠ᠎ᠡᠴᠡ ᠳᠡᠭᠡᠳᠦ ᠪᠠᠢᠷᠢᠨ᠎ᠳᠤ ᠳᠠᠯᠪᠢᠨ᠎ᠠ᠃ ᠡᠭᠦᠨ᠎ᠳᠤ ᠨᠠᠭᠠᠳᠤ ᠵᠠᠬ᠎ᠠ᠎ᠳᠤ᠎ᠪᠠᠨ ᠭᠤᠷᠪᠠᠨ ᠳᠡᠭᠳᠡᠷ ᠠᠭᠤᠯᠬᠤᠨ᠎ᠲᠠᠢ᠄ ᠦᠨᠳᠦᠰᠦᠨ ᠬᠠᠨᠳᠤᠯᠭ᠎ᠠ ᠬᠥᠭᠵᠢᠯᠲᠡ᠎ᠨᠢ ᠠᠷᠠᠳ ᠳᠦᠮᠡᠨ᠎ᠦ ᠳᠥᠯᠦᠭᠡ ᠪᠠᠢᠬᠤ᠎ᠶᠢ ᠪᠠᠷᠢᠮᠳᠠᠯᠠᠨ᠎ᠠ᠂ ᠭᠣᠤᠯ ᠰᠡᠳᠭᠢᠮᠵᠢ᠎ᠨᠢ ᠬᠥᠭᠵᠢᠯᠳᠡ᠎ᠨᠢ ᠠᠷᠠᠳ ᠳᠦᠮᠡᠨ᠎ᠳᠤ ᠳᠦᠱᠢᠭᠯᠡᠬᠦ᠎ᠶᠢ ᠪᠠᠷᠢᠮᠳᠠᠯᠠᠨ᠎ᠠ᠂ ᠦᠨᠳᠦᠰᠦᠨ ᠵᠣᠷᠢᠯᠭ᠎ᠠ᠎ᠨᠢ ᠬᠦᠭᠵᠢᠯᠳᠠ᠎ᠶᠢᠨ ᠦᠷ᠎ᠡ ᠪᠦᠳᠦᠬᠡᠯ᠎ᠢ ᠠᠷᠠᠳ ᠳᠦᠮᠡᠨ᠎ᠳᠤ ᠬᠠᠮᠳᠤ᠎ᠪᠡᠷ ᠡᠳ᠋ᠯᠡᠭᠦᠯᠬᠦ᠎ᠶᠢ ᠪᠠᠷᠢᠮᠳᠠᠯᠠᠨ᠎ᠠ᠃

  ᠱᠤᠸᠠᠩ ᠯᠦᠩ ᠱᠠᠭᠠᠷᠳᠠᠭᠰᠠᠨ᠎ᠨᠢ᠂ ᠪᠦᠯᠦᠭᠯᠡᠯ᠎ᠤᠨ ᠡᠯ᠎ᠡ ᠱᠠᠳᠤᠨ᠎ᠤ ᠨᠠᠮ᠎ᠤᠨ ᠵᠣᠬᠢᠶᠠᠨ ᠪᠠᠢᠭᠤᠯᠤᠯᠳᠠ ᠪᠣᠯᠤᠨ ᠪᠦᠬᠦ ᠨᠠᠮ᠎ᠤᠨ ᠬᠡᠱᠢᠬᠦᠳ᠎ᠲᠦ ᠠᠪᠴᠤ ᠬᠡᠯᠡᠪᠡᠯ ᠠᠷᠠᠳ ᠳᠦᠮᠡᠨ᠎ᠢᠶᠡᠷ ᠭᠣᠤᠯ ᠪᠣᠯᠭᠠᠬᠤ᠎ᠶᠢ ᠪᠠᠷᠢᠮᠳᠠᠯᠠᠬᠤ᠎ᠶᠢ ᠪᠦᠬᠦ ᠲᠠᠯ᠎ᠠ᠎ᠪᠡᠷ ᠳᠤᠭᠤᠱᠢᠯᠠᠭᠤᠯᠤᠨ ᠨᠠᠢᠳᠠᠪᠤᠷᠢᠵᠢᠭᠤᠯᠬᠤ ᠪᠣᠯ ᠴᠢᠬᠤᠯᠠ ᠤᠯᠤᠰ ᠳᠦᠷᠦ᠎ᠶᠢᠨ ᠡᠭᠦᠷᠭᠡ ᠮᠦᠷᠳᠡᠬᠡᠨ ᠪᠠᠰᠠ ᠴᠢᠬᠤᠯᠠ ᠤᠯᠤᠰ ᠳᠦᠷᠦ᠎ᠶᠢᠨ ᠱᠢᠯᠭᠠᠯᠳᠠ ᠪᠣᠯᠤᠨ᠎ᠠ᠃ ᠪᠦᠬᠦ ᠨᠠᠮ᠎ᠤᠨ ᠭᠡᠱᠢᠭᠦᠳ ᠠᠷᠠᠳ ᠳᠦᠮᠡᠨ᠎ᠢᠶᠡᠷ ᠭᠣᠤᠯ ᠪᠣᠯᠭᠠᠬᠤ᠎ᠶᠢ ᠪᠠᠷᠢᠮᠳᠠᠯᠠᠬᠤ᠎ᠶᠢᠨ ᠴᠢᠬᠤᠯᠠ ᠶᠡᠬᠡ ᠠᠴᠢ ᠬᠣᠯᠪᠤᠭᠳᠠᠯ ᠪᠠ ᠬᠦᠨᠵᠡᠬᠡᠢ ᠠᠭᠤᠯᠤᠭᠳᠠᠬᠤᠨ᠎ᠢ ᠵᠥᠪ ᠤᠨᠤᠪᠴᠢᠳᠠᠢ ᠠᠳᠭᠤᠵᠦ᠂ 《ᠳᠥᠷᠪᠡᠨ ᠤᠬᠠᠮᠰᠠᠷ》᠎ᠶᠢ ᠴᠢᠩᠭᠠᠳᠭᠠᠬᠤ᠂ 《ᠳᠥᠷᠪᠡᠨ ᠢᠳᠡᠭᠡᠯ》᠎ᠢ ᠪᠠᠳᠤᠳᠭᠠᠬᠤ᠂ 《ᠬᠤᠶᠠᠷ ᠬᠠᠮᠠᠭᠠᠯᠠᠯᠳᠠ》᠎ᠶᠢ ᠰᠠᠢᠳᠤᠷ ᠬᠢᠬᠦ ᠥᠨᠳᠦᠷᠴᠡ᠎ᠡᠴᠡ ᠡᠭᠦᠰᠴᠦ᠂ ᠤᠯᠠᠨ ᠳᠦᠮᠡᠨᠴᠢ ᠵᠥᠪ ᠣᠢᠯᠠᠭᠠᠭᠳᠠᠬᠤᠨ᠂ ᠡᠷᠬᠡ᠎ᠶᠢᠨ ᠵᠥᠪ ᠣᠢᠯᠠᠭᠠᠭᠳᠠᠬᠤᠨ᠂ ᠤᠯᠤᠰ ᠳᠦᠷᠦ᠎ᠶᠢᠨ ᠬᠢᠷᠢ ᠪᠦᠳᠦᠮᠵᠢ᠎ᠶᠢᠨ ᠵᠥᠪ ᠣᠢᠯᠠᠭᠠᠭᠳᠠᠬᠤᠨ᠎ᠢ ᠪᠤᠢ ᠪᠤᠯᠭᠠᠵᠦ᠂ ᠱᠢᠨ᠎ᠡ ᠴᠠᠭ ᠦᠶ᠎ᠡ᠎ᠶᠢᠨ ᠤᠯᠠᠨ ᠳᠦᠮᠡᠨᠴᠢ ᠱᠤᠭᠤᠮ᠎ᠢ ᠪᠠᠷᠢᠮᠳᠠᠯᠠᠨ᠂ ᠪᠦᠯᠦᠭᠯᠡᠯ᠎ᠦᠨ ᠡᠯ᠎ᠡ ᠳᠥᠷᠦᠯ᠎ᠤᠨ ᠠᠵᠢᠯ ᠦᠢᠯᠡᠰ᠎ᠦᠨ ᠴᠢᠨᠠᠷᠯᠢᠭ ᠬᠦᠭᠵᠢᠯᠳᠠ᠎ᠳᠤ ᠠᠷᠠᠳ ᠳᠦᠮᠡᠨ᠎ᠢᠶᠡᠷ ᠭᠣᠤᠯ ᠪᠣᠯᠭᠠᠬᠤ᠎ᠶᠢ ᠪᠠᠷᠢᠮᠳᠠᠯᠠᠬᠤ ᠦᠵᠡᠯ ᠰᠠᠨᠠᠭ᠎ᠠ᠎ᠶᠢ ᠤᠬᠠᠮᠰᠠᠷ᠎ᠡᠴᠡ᠎ᠪᠠᠨ ᠦᠢᠯᠡᠳᠦᠯᠭᠡᠵᠢᠬᠦᠯᠬᠦ ᠬᠡᠷᠡᠭᠳᠠᠢ ᠬᠡᠵᠠᠢ᠃

  ᠪᠦᠯᠦᠭᠯᠡᠯ᠎ᠦᠨ ᠨᠠᠮ᠎ᠤᠨ ᠬᠣᠷᠢᠶᠠᠨ᠎ᠤ ᠳᠡᠳ᠋ ᠱᠦᠵᠢ ᠽᠸᠩ ᠬᠠᠨ ᠨᠡᠮ᠎ᠤᠨ ᠬᠢᠴᠢᠶᠡᠯ᠎ᠢ ᠡᠷᠬᠢᠯᠡᠬᠦ᠎ᠳᠤ᠎ᠪᠠᠨ ᠵᠢᠭᠠᠵᠦ ᠭᠠᠷᠭᠠᠭᠰᠠᠨ᠎ᠨᠢ᠂ ᠡᠨᠡ ᠤᠳᠠᠭᠠᠨ᠎ᠤ ᠨᠠᠮ᠎ᠤᠨ ᠬᠢᠴᠢᠶᠡᠯ᠎ᠦᠨ ᠠᠭᠤᠯᠤᠭᠳᠠᠬᠤᠨ ᠡᠯᠪᠡᠭ ᠪᠠᠶᠠᠯᠢᠭ᠂ ᠣᠨᠤᠯ ᠪᠠ ᠦᠢᠯᠡᠳᠦᠯᠭᠡ᠎ᠶᠢᠨ ᠬᠡᠮᠵᠢᠶ᠎ᠡ ᠥᠨᠳᠦᠷ ᠪᠠᠢᠵᠦ᠂ ᠪᠢᠳᠡᠨᠦᠰ᠎ᠦᠨ ᠨᠠᠮ᠎ᠤᠨ ᠢᠳᠡᠭᠡᠯ ᠬᠦᠰᠡᠯ᠂ ᠱᠢᠨᠵᠢ ᠴᠢᠨᠠᠷ ᠪᠠ ᠵᠤᠷᠢᠯᠳᠠ᠂ ᠤᠭ ᠰᠠᠨᠠᠭ᠎ᠠ ᠡᠭᠦᠷᠭᠡ ᠳᠤᠱᠢᠶᠠᠯ᠎ᠢ ᠤᠯᠠᠮ ᠨᠢᠭᠡ ᠠᠯᠬᠤᠮ ᠤᠢᠯᠠᠭᠠᠵᠦ᠂ ᠱᠢᠨ᠎ᠡ ᠴᠠᠭ ᠦᠶ᠎ᠡ᠎ᠶᠢᠨ ᠤᠯᠠᠨ ᠳᠦᠮᠡᠨᠴᠢ ᠱᠤᠭᠤᠮ᠎ᠢᠶᠠᠷ ᠶᠠᠪᠤᠬᠤ ᠵᠢᠴᠢ ᠪᠦᠯᠦᠭᠯᠡᠯ᠎ᠦᠨ ᠡᠯ᠎ᠡ ᠠᠵᠢᠯ ᠦᠢᠯᠡᠰ᠎ᠦᠨ ᠴᠢᠨᠠᠷᠯᠢᠭ ᠬᠦᠭᠵᠢᠯᠳᠠ᠎ᠶᠢ ᠠᠬᠢᠭᠤᠯᠬᠤ᠎ᠳᠤ ᠴᠥᠮ ᠳᠤᠩ ᠴᠢᠬᠤᠯᠠ ᠵᠢᠯᠤᠭᠤᠳᠭᠤ ᠠᠴᠢ ᠬᠣᠯᠪᠤᠭᠳᠠᠯ᠎ᠲᠠᠢ᠂ ᠪᠦᠯᠦᠭᠯᠡᠯ᠎ᠦᠨ ᠡᠯ᠎ᠡ ᠱᠠᠳᠤᠨ᠎ᠤ ᠨᠠᠮ᠎ᠤᠨ ᠵᠣᠬᠢᠶᠠᠨ ᠪᠠᠢᠭᠤᠯᠤᠯᠳᠠ᠂ ᠥᠷᠭᠡᠨ ᠤᠯᠠᠨ ᠨᠠᠮ᠎ᠤᠨ ᠬᠡᠱᠢᠬᠦᠨ ᠺᠠᠳ᠋ᠷᠴᠤᠳ ᠬᠤᠷᠠᠯ᠎ᠤᠨ ᠳᠠᠷᠠᠭ᠎ᠠ ᠨᠠᠷᠢᠨ ᠬᠢᠨᠠᠮᠠᠭᠠᠢ ᠰᠤᠷᠤᠯᠴᠠᠵᠦ᠂ ᠬᠦᠨᠵᠡᠬᠡᠢ ᠣᠢᠯᠠᠭᠠᠨ ᠳᠤᠭᠤᠱᠢᠯᠠᠭᠤᠯᠬᠤ ᠬᠡᠷᠡᠭᠳᠡᠢ ᠬᠡᠵᠠᠢ᠃

  ᠽᠸᠩ ᠬᠠᠨ ᠴᠢᠬᠤᠯᠠᠴᠢᠯᠠᠬᠤ᠎ᠳᠤ᠎ᠪᠠᠨ᠂ ᠬᠡᠪᠯᠡᠯ᠎ᠦᠨ ᠪᠦᠯᠦᠭᠯᠡᠯ ᠣᠳᠤ ᠶᠠᠭ ᠬᠡᠯᠪᠡᠷᠢ ᠰᠣᠯᠢᠨ ᠳᠡᠰ ᠳᠡᠪᠱᠢᠬᠦ ᠵᠠᠩᠭᠢᠯᠠᠭ᠎ᠠ᠎ᠶᠢᠨ ᠱᠠᠳᠤᠨ᠎ᠳᠤ ᠤᠷᠤᠱᠢᠵᠦ ᠪᠠᠢᠨ᠎ᠠ᠃ ᠤᠯᠠᠨ᠎ᠢᠶᠠᠷ᠎ᠢᠶᠠᠨ ᠠᠷᠠᠳ ᠳᠦᠮᠡᠨ᠎ᠢᠶᠡᠷ ᠭᠣᠤᠯ ᠪᠣᠯᠭᠠᠬᠤ ᠬᠦᠭᠵᠢᠯᠳᠠ᠎ᠶᠢᠨ ᠦᠵᠡᠯ ᠰᠠᠨᠠᠭ᠎ᠠ᠎ᠶᠢ ᠴᠢᠩᠭ᠎ᠠ ᠪᠠᠷᠢᠮᠳᠠᠯᠠᠵᠦ᠂ 《ᠳᠤᠭ ᠳᠡᠮᠳᠡᠭ᠎ᠢᠶᠠᠨ ᠡᠷᠭᠦᠨ᠂ ᠳᠦᠮᠡᠨ᠎ᠦ ᠰᠡᠳᠭᠢᠯ᠎ᠢ ᠨᠢᠭᠳᠠᠷᠠᠭᠤᠯᠵᠦ᠂ ᠱᠢᠨ᠎ᠡ ᠬᠥᠮᠦᠨ᠎ᠢ ᠬᠥᠮᠦᠵᠢᠭᠦᠯᠦᠨ᠂ ᠱᠢᠨᠵᠢᠯᠡᠭᠡ ᠰᠣᠶᠤᠯ᠎ᠢ ᠮᠠᠨᠳᠤᠭᠤᠯᠵᠦ᠂ ᠳᠦᠷᠢ ᠳᠥᠷᠬᠦ᠎ᠶᠢ ᠳᠡᠯᠭᠡᠬᠦ》 ᠡᠭᠦᠷᠭᠡ ᠳᠤᠱᠢᠶᠠᠯ᠎ᠡᠴᠡ ᠡᠭᠦᠰᠴᠦ᠂ ᠳᠡᠭᠡᠳᠦ ᠬᠡᠮᠵᠢᠶᠡᠨ᠎ᠦ ᠤᠯᠤᠰ ᠳᠦᠷᠦ᠎ᠶᠢᠨ ᠤᠬᠠᠮᠰᠠᠷ ᠪᠣᠯᠤᠨ ᠬᠠᠷᠢᠭᠤᠴᠠᠯᠭᠠᠳᠤ ᠰᠡᠳᠭᠢᠯᠭᠡ᠎ᠪᠡᠷ ᠳᠤᠬᠠᠢᠯᠠᠭᠰᠠᠨ ᠠᠵᠢᠯ᠎ᠳᠤ᠎ᠪᠠᠨ ᠱᠢᠮᠳᠠᠵᠦ᠂ ᠠᠷᠠᠳ ᠤᠯᠠᠨ᠎ᠤ ᠤᠯᠤᠯᠳᠠᠳᠤ ᠳᠦᠷᠦᠭᠳᠡᠯ᠂ ᠵᠣᠯ ᠵᠢᠷᠭᠠᠯᠳᠤ ᠳᠦᠷᠦᠭᠳᠡᠯ᠎ᠢ ᠳᠠᠰᠤᠷᠠᠯᠳᠠ᠎ᠦᠭᠡᠢ ᠨᠡᠮᠡᠭᠳᠡᠭᠦᠯᠦᠨ᠂ ᠬᠡᠪᠯᠡᠯ᠎ᠤᠨ ᠪᠦᠯᠦᠭᠯᠡᠯ᠎ᠦᠨ ᠡᠯ᠎ᠡ ᠦᠢᠯᠡᠰ᠎ᠦᠨ ᠱᠢᠨ᠎ᠡ ᠬᠦᠭᠵᠢᠯᠳᠠ᠎ᠳᠤ ᠬᠦᠴᠦᠨ ᠨᠡᠮᠡᠷᠢᠯᠠᠶ᠎ᠡ ᠭᠡᠰᠡᠨ ᠪᠠᠢᠨ᠎ᠠ᠃

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠠᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ:
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ
ᠱᠢᠨ᠎ᠡ
ᠬᠤᠲᠠ
ᠲᠤᠭᠤᠷᠢᠭ᠎ᠤᠨ
ᠱᠢᠩᠬᠤᠸᠠ
ᠵᠡᠬᠦᠨ
ᠵᠡᠭᠡᠯᠢ᠎ᠵᠢᠨ
89᠎ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ᠃