ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠳᠦᠷᠢᠮ (ᠵᠢᠷᠭᠤᠳᠤᠭᠠᠷ ᠪᠦᠯᠦᠭ)
2021.09.17

    ᠵᠢᠷᠭᠤᠳᠤᠭᠠᠷ ᠪᠦᠯᠦᠭ  ᠨᠠᠮ᠎ᠤᠨ ᠺᠠᠳ᠋ᠷ

 

  ᠭᠤᠴᠢᠨ ᠲᠠᠪᠤᠳᠤᠭᠠᠷ ᠵᠦᠢᠯ  ᠨᠠᠮ᠎ᠤᠨ ᠺᠠᠳ᠋ᠷ ᠪᠤᠯ ᠨᠠᠮ᠎ᠤᠨ ᠦᠢᠯᠡᠰ᠎ᠦᠨ ᠭᠣᠤᠯᠯᠠᠭᠴᠢ ᠬᠦᠴᠦᠨ᠂ ᠠᠷᠠᠳ ᠲᠦᠮᠡᠨ᠎ᠦ ᠠᠯᠪᠠᠨ ᠵᠠᠷᠤᠴᠠ ᠮᠦᠠ᠂ ᠦᠨᠡᠨᠴᠢ ᠱᠢᠳᠤᠷᠭᠤ᠂ ᠴᠡᠪᠡᠷ ᠴᠢᠬᠡᠴᠢ᠂ ᠬᠠᠷᠢᠭᠤᠴᠠᠯᠭ᠎ᠠ᠎ᠲᠠᠢ ᠪᠠᠢᠬᠤ ᠬᠡᠷᠡᠭᠲᠡᠢ᠃ ᠨᠠᠮ ᠮᠣᠷᠠᠯ ᠴᠢᠳᠠᠪᠤᠷᠢ᠎ᠶᠢ ᠬᠣᠤᠰᠯᠠᠭᠤᠯᠬᠤ᠂ ᠮᠣᠷᠠᠯ᠎ᠢ ᠲᠡᠷᠢᠭᠦᠨ᠎ᠳᠦ ᠲᠠᠯᠪᠢᠬᠤ ᠵᠠᠷᠴᠢᠮ᠎ᠢᠶᠠᠷ ᠺᠠᠳ᠋ᠷ᠎ᠢ ᠱᠢᠯᠢᠨ ᠰᠣᠩᠭᠤᠵᠤ᠂ ᠭᠠᠵᠠᠷ ᠣᠷᠤᠨ᠎ᠢ ᠬᠠᠮᠢᠶᠠᠷᠤᠯ᠎ᠦᠭᠡᠢ ᠡᠷᠳᠡᠮᠲᠡᠨ ᠴᠢᠳᠠᠪᠤᠷᠢᠲᠠᠨ᠎ᠢ᠎ᠯᠡ ᠬᠡᠷᠡᠭᠯᠡᠬᠦ᠎ᠶᠢ ᠪᠠᠷᠢᠮᠲᠠᠯᠠᠨ᠂ ᠠᠵᠢᠯ ᠦᠢᠯᠡᠰ᠎ᠢᠶᠡᠨ ᠳᠡᠭᠡᠳᠦᠯᠡᠨ᠂ ᠭᠣᠤᠯᠴᠢ ᠴᠢᠬᠡᠴᠢ ᠪᠠᠢᠬᠤ᠎ᠶᠢ ᠪᠠᠷᠢᠮᠲᠠᠯᠠᠵᠤ᠂ ᠣᠢᠷ᠎ᠠ ᠲᠤᠳᠦᠨᠦᠴᠤᠤᠠ᠎ᠪᠠᠨ᠎ᠯᠠ ᠬᠡᠷᠡᠭᠯᠡᠬᠦ᠎ᠶᠢ ᠡᠰᠡᠷᠭᠦᠴᠡᠵᠦ᠂ ᠺᠠᠳ᠋ᠷ᠎ᠤᠨ ᠡᠩᠨᠡᠭᠡ᠎ᠶᠢ ᠬᠤᠪᠢᠰᠭᠠᠯᠵᠢᠭᠤᠯᠬᠤ᠂ ᠵᠠᠯᠠᠭᠤᠵᠢᠭᠤᠯᠬᠤ᠂ ᠮᠡᠳᠡᠯᠭᠡᠵᠢᠬᠦᠯᠬᠦ᠂ ᠮᠡᠷᠭᠡᠵᠢᠭᠦᠯᠬᠦ᠎ᠶᠢ ᠴᠢᠷᠮᠠᠢᠨ ᠪᠡᠶᠡᠯᠡᠭᠦᠯᠦᠨ᠎ᠡ᠃

  ᠨᠠᠮ᠎ᠠᠴᠠ ᠺᠠᠳ᠋ᠷ᠎ᠢ ᠰᠤᠷᠭᠠᠨ ᠬᠥᠮᠦᠵᠢᠭᠦᠯᠬᠦ᠂ ᠪᠣᠯᠪᠠᠰᠤᠷᠠᠭᠤᠯᠬᠤ᠂ ᠱᠢᠯᠢᠨ ᠰᠣᠩᠭᠤᠬᠤ᠂ ᠬᠢᠨᠠᠨ ᠱᠢᠯᠭᠠᠬᠤ ᠪᠠ ᠺᠠᠳ᠋ᠷ᠎ᠲᠤ ᠬᠢᠨᠠᠯᠲᠠ ᠲᠠᠯᠪᠢᠬᠤ᠎ᠶᠢ ᠴᠢᠬᠤᠯᠠᠴᠢᠯᠠᠵᠤ᠂ ᠣᠨᠴᠠᠭᠠᠢᠯᠠᠨ ᠱᠢᠯᠢᠳᠡᠭ ᠵᠠᠯᠠᠭᠤ ᠺᠠᠳ᠋ᠷ᠎ᠢ ᠬᠥᠮᠦᠵᠢᠭᠦᠯᠬᠦ ᠪᠠ ᠱᠢᠯᠢᠨ ᠰᠣᠩᠭᠤᠨ᠎ᠠ᠃ ᠺᠠᠳ᠋ᠷ᠎ᠤᠨ ᠳᠦᠷᠢᠮ᠎ᠦᠨ ᠥᠭᠡᠷᠡᠴᠢᠯᠡᠯᠲᠡ᠎ᠶᠢ ᠢᠳᠡᠪᠬᠢᠲᠡᠢ᠎ᠪᠡᠷ ᠠᠬᠢᠭᠤᠯᠤᠨ᠎ᠠ᠃    

  ᠨᠠᠮ᠎ᠠᠴᠠ ᠡᠮᠡᠭᠲᠡᠢ ᠺᠠᠳ᠋ᠷ ᠪᠠ ᠴᠥᠭᠡᠨ ᠲᠣᠭᠠᠲᠤ ᠦᠨᠳᠦᠰᠦᠳᠡᠠ᠎ᠶᠢᠨ ᠺᠠᠳ᠋ᠷ᠎ᠢ ᠬᠥᠮᠦᠵᠢᠭᠦᠯᠬᠦ᠂ ᠱᠢᠯᠢᠨ ᠰᠣᠩᠭᠤᠬᠤ ᠶᠠᠪᠤᠳᠠᠯ᠎ᠢ ᠴᠢᠬᠤᠯᠠᠴᠢᠯᠠᠨ᠎ᠠ᠃

  ᠭᠤᠴᠢᠨ ᠵᠢᠷᠭᠤᠳᠤᠭᠠᠷ ᠵᠦᠢᠯ  ᠨᠠᠮ᠎ᠤᠨ ᠡᠯ᠎ᠡ ᠱᠠᠲᠤᠨ᠎ᠤ ᠤᠳᠤᠷᠢᠳᠭᠤ ᠺᠠᠳ᠋ᠷ ᠡᠷᠬᠡᠪᠱᠢ ᠢᠲᠡᠭᠡᠯ ᠵᠣᠷᠢᠭ ᠡᠷᠡᠰ ᠪᠠᠲᠤ᠂ ᠠᠷᠠᠳ ᠲᠦᠮᠡᠨ᠎ᠳᠦ ᠦᠢᠯᠡᠴᠢᠯᠡᠨ᠂ ᠠᠵᠢᠯᠴᠢ ᠬᠢᠴᠢᠶᠡᠩᠭᠦᠢ᠎ᠪᠡᠷ ᠵᠠᠰᠠᠭ ᠪᠠᠷᠢᠵᠤ ᠪᠣᠳᠠᠲᠠᠢ᠎ᠶᠢ ᠡᠷᠬᠢᠮᠯᠡᠨ᠂ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠨ᠂ ᠲᠥᠪ ᠱᠢᠳᠤᠷᠭᠤ ᠠᠷᠢᠭᠤᠨ ᠴᠢᠬᠡᠴᠢ ᠪᠠᠢᠬᠤ ᠬᠡᠷᠡᠭᠲᠡᠢ᠂ ᠲᠤᠰ ᠳᠦᠷᠢᠮ᠎ᠦᠨ ᠭᠤᠷᠪᠠᠳᠤᠭᠠᠷ ᠵᠦᠢᠯ᠎ᠳᠦ ᠲᠣᠭᠲᠠᠭᠠᠭᠰᠠᠨ ᠨᠠᠮ᠎ᠤᠨ ᠭᠡᠱᠢᠭᠦᠨ᠎ᠦ ᠡᠯ᠎ᠡ ᠵᠦᠢᠯ᠎ᠦᠨ ᠡᠭᠦᠷᠭᠡ᠎ᠶᠢ ᠵᠢᠱ᠌ᠢᠶᠡᠴᠢ ᠪᠡᠷ ᠭᠦᠢᠴᠡᠳᠬᠡᠬᠦ ᠬᠡᠷᠡᠭᠲᠡᠢ ᠪᠥᠭᠡᠳ ᠳᠣᠤᠷᠠᠬᠢ ᠦᠨᠳᠦᠰᠦᠠ ᠨᠥᠬᠦᠴᠡᠯ᠎ᠦᠳ᠎ᠢ ᠡᠷᠬᠡᠪᠱᠢ ᠪᠦᠷᠢᠯᠳᠦᠭᠦᠯᠬᠦ ᠬᠡᠷᠡᠭᠲᠡᠢ᠄

  (ᠨᠢᠭᠡ) ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠬᠡᠬᠦ᠎ᠳᠦ ᠱᠠᠭᠠᠷᠳᠠᠭᠳᠠᠬᠤ ᠮᠠᠷᠺᠰ ᠯᠧᠨᠢᠨ᠎ᠦ ᠦᠵᠡᠯ᠂ ᠮᠠᠤ ᠽᠧ ᠳ᠋ᠦᠩ᠎ᠦᠨ ᠦᠵᠡᠯ ᠰᠠᠨᠠᠭ᠎ᠠ᠂ ᠳ᠋ᠸᠡᠭ ᠱᠢᠶᠤᠣ ᠫᠢᠩ᠎ᠦᠨ ᠣᠨᠤᠯ᠂ 《ᠭᠤᠷᠪᠠ᠎ᠶᠢ ᠲᠥᠯᠦᠭᠡᠯᠡᠬᠦ》 ᠴᠢᠬᠤᠯᠠ ᠦᠵᠡᠯ ᠰᠠᠨᠠᠭ᠎ᠠ᠂ ᠱᠢᠨᠵᠢᠯᠡᠬᠦ ᠤᠬᠠᠭᠠᠨᠴᠢ ᠬᠥᠭᠵᠢᠯᠲᠡ᠎ᠶᠢᠨ ᠦᠵᠡᠯᠲᠡ᠎ᠶᠢᠨ ᠬᠢᠷᠢ ᠬᠡᠮᠵᠢᠶ᠎ᠡ᠎ᠲᠡᠢ ᠪᠠᠢᠵᠤ᠂ ᠰᠢ᠎ᠵᠢᠨ ᠫᠢᠩ᠎ᠦᠨ ᠱᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶᠢ ᠲᠦᠷᠦᠭᠦᠯᠡᠨ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠮᠠᠷᠺᠰ᠎ᠤᠨ ᠦᠵᠡᠯ᠎ᠦᠨ ᠵᠣᠭᠰᠤᠯᠲᠠ᠂ ᠦᠵᠡᠯᠳᠠ᠂ ᠠᠷᠭ᠎ᠠ᠎ᠪᠠᠷ ᠪᠣᠳᠠᠲᠠᠢ ᠠᠰᠠᠭᠤᠳᠠᠯ᠎ᠢ ᠵᠠᠳᠠᠯᠤᠨ ᠱᠢᠢᠳᠪᠦᠷᠢᠯᠡᠬᠦ᠎ᠪᠡᠷ ᠴᠢᠷᠮᠠᠢᠵᠤ᠂ ᠰᠤᠷᠤᠯᠴᠠᠯᠭ᠎ᠠ᠎ᠶᠢ ᠡᠷᠬᠢᠮᠯᠡᠬᠦ᠂ ᠤᠯᠤᠰ ᠲᠥᠷᠦ᠎ᠶᠢ ᠡᠷᠬᠢᠮᠯᠡᠬᠦ᠂ ᠲᠥᠪ ᠰᠤᠷᠲᠠᠯ᠎ᠢ ᠡᠷᠬᠢᠮᠯᠡᠬᠦ᠎ᠶᠢ ᠪᠠᠷᠢᠮᠲᠠᠯᠠᠵᠤ᠂ ᠡᠯ᠎ᠡ ᠵᠦᠢᠯ᠎ᠦᠨ ᠰᠠᠯᠬᠢ ᠳᠠᠪᠠᠯᠭᠠᠨ᠎ᠤ ᠱᠢᠯᠭᠠᠯᠲᠠ᠎ᠶᠢ ᠳᠠᠭᠠᠭᠠᠵᠤ ᠳᠡᠢᠯᠬᠦ ᠬᠡᠷᠡᠭᠲᠡᠢ᠃

  (ᠬᠣᠶᠠᠷ) ᠡᠪ ᠬᠠᠮᠲᠤ ᠶᠣᠰᠤᠨ᠎ᠤ ᠠᠯᠤᠰ᠎ᠤᠨ ᠬᠦᠰᠡᠯᠡᠩ ᠪᠠ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠲᠤᠬᠠᠢ ᠪᠠᠲᠤ ᠴᠢᠩᠭ᠎ᠠ ᠢᠲᠡᠭᠡᠯ᠎ᠲᠡᠢ ᠪᠠᠢᠵᠤ᠂ ᠨᠠᠮ᠎ᠤᠨ ᠦᠨᠳᠦᠰᠦᠠ ᠱᠤᠭᠤᠮ ᠪᠠ ᠡᠯ᠎ᠡ ᠵᠦᠢᠯ᠎ᠦᠨ ᠴᠢᠭᠯᠡᠯᠲᠡ᠂ ᠲᠥᠷᠦ᠎ᠶᠢᠨ ᠪᠣᠳᠤᠯᠭ᠎ᠠ᠎ᠶᠢ ᠡᠷᠡᠰ᠎ᠢᠶᠡᠷ ᠬᠡᠷᠡᠭᠵᠢᠭᠦᠯᠵᠦ᠂ ᠵᠣᠷᠢᠭ ᠱᠢᠭᠤᠳᠤᠨ ᠥᠭᠡᠷᠡᠴᠢᠯᠡᠯᠲᠡ ᠨᠡᠭᠡᠭᠡᠯᠲᠡ ᠬᠢᠵᠦ᠂ ᠣᠳᠤᠬᠢᠴᠢᠯᠠᠯᠲᠠ᠎ᠶᠢᠨ ᠦᠢᠯᠡᠰ᠎ᠲᠦ ᠠᠮᠢ ᠪᠡᠶ᠎ᠡ᠎ᠪᠡᠨ ᠵᠣᠷᠢᠭᠤᠯᠵᠤ᠂ ᠨᠡᠢᠭᠡᠮ ᠵᠢᠷᠤᠮ᠎ᠤᠨ ᠪᠦᠲᠦᠭᠡᠨ ᠪᠠᠢᠭᠤᠯᠤᠯᠲᠠ᠎ᠶᠢᠨ ᠳᠤᠮᠳᠠ ᠲᠡᠰᠪᠦᠷᠢ ᠬᠠᠲᠠᠭᠤᠵᠢᠯᠲᠠᠢ᠎ᠪᠠᠷ ᠠᠳᠠᠯ ᠦᠢᠯᠡᠰ ᠪᠦᠲᠦᠭᠡᠵᠦ᠂ ᠠᠵᠢᠯ᠎ᠤᠨ ᠪᠦᠲᠦᠮᠵᠢ᠎ᠶᠢᠨ ᠲᠤᠬᠠᠢ ᠵᠥᠪ ᠦᠵᠡᠯᠲᠡ᠎ᠶᠢ ᠪᠣᠢ ᠪᠣᠯᠭᠠᠵᠤ᠂ ᠦᠢᠯᠡᠳᠦᠯᠭᠡ᠂ ᠠᠷᠠᠳ ᠲᠦᠮᠡᠨ᠂ ᠲᠡᠦᠬᠡ᠎ᠶᠢᠨ ᠱᠢᠯᠭᠠᠯᠲᠠ᠎ᠶᠢ ᠳᠠᠭᠠᠭᠠᠵᠤ ᠳᠡᠢᠯᠬᠦ ᠪᠣᠳᠠᠲᠤ ᠠᠮᠵᠢᠯᠲᠠ ᠪᠦᠲᠦᠮᠵᠢ ᠭᠠᠷᠭᠠᠬᠤ ᠬᠡᠷᠡᠭᠲᠡᠢ᠃

  (ᠭᠤᠷᠪᠠ) ᠦᠵᠡᠯ ᠰᠠᠨᠠᠭ᠎ᠠ᠎ᠪᠠᠨ ᠴᠢᠯᠦᠭᠡᠯᠡᠬᠦ᠎ᠶᠢ ᠪᠠᠷᠢᠮᠲᠠᠯᠠᠵᠤ᠂ ᠦᠨᠡᠨ᠎ᠠᠴᠠ ᠵᠥᠪ᠎ᠢ ᠡᠷᠢᠵᠦ᠂ ᠴᠠᠭ ᠦᠶ᠎ᠡ᠎ᠲᠠᠢ ᠵᠡᠷᠭᠡ᠎ᠪᠡᠷ ᠤᠷᠤᠭᠱᠢᠯᠠᠵᠤ᠂ ᠨᠡᠭᠡᠭᠡᠨ ᠤᠷᠤᠭᠱᠢᠯᠠᠵᠤ ᠱᠢᠨ᠎ᠡ᠎ᠶᠢ ᠡᠭᠦᠳᠦᠨ᠂ ᠨᠠᠷᠢᠨ ᠬᠢᠨᠠᠮᠠᠭᠠᠢ ᠪᠠᠢᠴᠠᠭᠠᠨ ᠰᠤᠳᠤᠯᠵᠤ᠂ ᠨᠠᠮ᠎ᠤᠨ ᠴᠢᠭᠯᠡᠯᠲᠡ᠂ ᠲᠥᠷᠦ᠎ᠶᠢᠨ ᠪᠣᠳᠤᠯᠭ᠎ᠠ᠎ᠶᠢ ᠲᠤᠰ ᠭᠠᠵᠠᠷ ᠣᠷᠤᠨ᠂ ᠲᠤᠰ ᠰᠠᠯᠠᠭ᠎ᠠ ᠮᠥᠴᠢᠷ᠎ᠦᠨ᠎ᠢᠶᠡᠨ ᠪᠣᠳᠠᠲᠤ ᠪᠠᠢᠳᠠᠯ᠎ᠲᠠᠢ ᠤᠶᠠᠯᠳᠤᠭᠤᠯᠵᠤ᠂ ᠠᠵᠢᠯ᠎ᠢᠶᠠᠨ ᠭᠠᠷᠮᠠᠭᠠᠢ ᠪᠦᠲᠦᠮᠵᠢᠲᠡᠢ᠎ᠪᠡᠷ ᠥᠷᠨᠢᠭᠦᠯᠵᠦ᠂ ᠦᠨᠡᠨ ᠦᠭᠡ ᠬᠡᠯᠡᠵᠦ᠂ ᠪᠣᠳᠠᠲᠠᠢ ᠠᠵᠢᠯ ᠬᠢᠵᠦ᠂ ᠪᠣᠳᠠᠲᠤ ᠦᠷ᠎ᠡ  ᠪᠦᠲᠦᠮᠵᠢ᠎ᠶᠢ ᠡᠷᠬᠢᠮᠯᠡᠬᠦ ᠬᠡᠷᠡᠭᠲᠡᠢ᠃

  (ᠳᠥᠷᠪᠡ) ᠬᠤᠪᠢᠰᠭᠠᠯ᠎ᠤᠨ ᠦᠢᠯᠡᠰ᠎ᠲᠦ ᠵᠢᠳᠬᠦᠬᠦ ᠵᠣᠷᠢᠭ ᠪᠠ ᠤᠯᠤᠰ ᠲᠥᠷᠦ᠎ᠶᠢᠨ ᠬᠠᠷᠢᠭᠤᠴᠠᠯᠭᠠᠲᠤ ᠰᠡᠳᠬᠢᠯᠭᠡ᠎ᠪᠡᠷ ᠴᠢᠩᠭ᠎ᠠ ᠪᠠᠢᠵᠤ᠂ ᠦᠢᠯᠡᠳᠦᠯᠭᠡ᠎ᠶᠢᠨ ᠲᠤᠷᠱᠢᠯᠭ᠎ᠠ᠎ᠲᠠᠢ᠂ ᠤᠳᠤᠷᠢᠳᠭᠤ ᠠᠵᠢᠯ᠎ᠢ ᠬᠢᠵᠦ ᠴᠢᠳᠠᠬᠤ ᠵᠣᠬᠢᠶᠠᠨ ᠪᠠᠢᠭᠤᠯᠬᠤ ᠴᠢᠳᠠᠪᠤᠷᠢ᠂ ᠰᠣᠶᠤᠯ᠎ᠤᠨ ᠬᠢᠷᠢ ᠬᠡᠮᠵᠢᠶ᠎ᠡ ᠪᠠ ᠲᠤᠬᠠᠢᠯᠠᠭᠰᠠᠨ ᠠᠵᠢᠯ᠎ᠤᠨ ᠮᠡᠳᠡᠯᠭᠡ᠎ᠲᠡᠢ ᠪᠠᠢᠬᠤ ᠬᠡᠷᠡᠭᠲᠡᠢ᠃

  (ᠲᠠᠪᠤ) ᠠᠷᠠᠳ ᠲᠦᠮᠡᠨ᠎ᠦ ᠣᠯᠭᠤᠭᠰᠠᠨ ᠡᠷᠬᠡ᠎ᠶᠢ ᠵᠥᠪ᠎ᠢᠶᠡᠷ ᠬᠡᠷᠡᠭᠵᠢᠭᠦᠯᠵᠦ᠂ ᠵᠠᠷᠴᠢᠮ᠎ᠢ ᠪᠠᠷᠢᠮᠲᠠᠯᠠᠨ᠂ ᠬᠠᠤᠯᠢ ᠶᠣᠰᠤᠭᠠᠷ ᠠᠵᠢᠯᠯᠠᠵᠤ᠂ ᠲᠥᠪ ᠱᠢᠳᠤᠷᠭᠤ ᠠᠷᠢᠭᠤᠨ ᠴᠢᠬᠡᠴᠢ ᠪᠠᠢᠵᠤ᠂ ᠠᠷᠠᠳ ᠲᠦᠮᠡᠨ᠎ᠦ ᠲᠥᠯᠦᠭᠡ ᠠᠵᠢᠯᠴᠢ ᠬᠢᠴᠢᠶᠡᠩᠭᠦᠢ᠎ᠪᠡᠷ ᠵᠠᠰᠠᠭ ᠪᠠᠷᠢᠵᠤ᠂ ᠪᠡᠶ᠎ᠡ᠎ᠪᠡᠷ᠎ᠢᠶᠡᠨ ᠬᠡᠪ ᠳᠦᠷᠢᠮ ᠪᠣᠯᠵᠤ᠂ ᠬᠠᠲᠠᠭᠤᠵᠢᠯᠲᠠᠢ ᠪᠣᠷᠤᠭᠵᠢᠭᠤᠨ ᠪᠠᠢᠵᠤ᠂ ᠣᠯᠠᠨ ᠲᠦᠮᠡᠨ᠎ᠲᠡᠢ ᠨᠢᠭᠲᠠ ᠬᠠᠷᠢᠯᠴᠠᠨ᠂ ᠨᠠᠮ᠎ᠤᠨ ᠣᠯᠠᠨ ᠲᠦᠮᠡᠨᠴᠢ ᠱᠤᠭᠤᠮ᠎ᠢ ᠪᠠᠷᠢᠮᠲᠠᠯᠠᠵᠤ᠂ ᠨᠠᠮ ᠪᠠ ᠣᠯᠠᠨ ᠲᠦᠮᠡᠨ᠎ᠦ ᠱᠢᠭᠦᠮᠵᠢᠯᠡᠯ ᠪᠣᠯᠤᠨ ᠬᠢᠨᠠᠯᠲᠠ᠎ᠶᠢ ᠤᠬᠠᠮᠰᠠᠷ᠎ᠠᠴᠠ᠎ᠪᠠᠨ ᠬᠦᠯᠢᠶᠡᠵᠦ᠂ ᠶᠣᠰᠤ ᠮᠣᠷᠠᠯ᠎ᠤᠨ ᠪᠣᠯᠪᠠᠰᠤᠷᠠᠯ᠎ᠢ ᠴᠢᠩᠭᠠᠳᠭᠠᠨ᠂ ᠨᠠᠮᠴᠢ ᠴᠢᠨᠠᠷ᠎ᠢ ᠡᠷᠬᠢᠮᠯᠡᠵᠦ᠂ ᠵᠠᠩ ᠰᠤᠷᠲᠠᠯ᠎ᠢ ᠴᠢᠬᠤᠯᠠᠴᠢᠯᠠᠨ᠂ ᠦᠯᠢᠭᠡᠷ ᠳᠠᠭᠤᠷᠢᠶᠠᠯ ᠪᠣᠯᠵᠤ᠂ ᠪᠡᠶ᠎ᠡ᠎ᠪᠡᠨ ᠬᠢᠴᠢᠶᠡᠵᠦ᠂ ᠪᠡᠶ᠎ᠡ᠎ᠪᠡᠨ ᠲᠤᠩᠭᠠᠵᠤ᠂ ᠪᠡᠶ᠎ᠡ᠎ᠪᠡᠨ ᠰᠡᠷᠡᠮᠵᠢᠯᠡᠭᠦᠯᠵᠦ᠂ ᠪᠡᠶ᠎ᠡ᠎ᠪᠡᠨ ᠵᠣᠷᠢᠭᠵᠢᠭᠤᠯᠵᠤ᠂ ᠬᠡᠯᠪᠡᠷᠢ᠎ᠶᠢᠨ ᠦᠵᠡᠯ᠂ ᠨᠣᠶᠠᠨᠴᠢ ᠰᠤᠷᠲᠠᠯ᠂ ᠵᠢᠷᠭᠠᠨ ᠴᠡᠩᠭᠡᠬᠦ ᠦᠵᠡᠯ ᠪᠠ ᠱᠠᠯᠢᠨ ᠪᠦᠷᠢᠯᠭᠡᠬᠦ ᠰᠤᠷᠲᠠᠯ᠎ᠢ ᠡᠰᠡᠷᠭᠦᠴᠡᠨ᠂ ᠡᠷᠬᠡ ᠲᠤᠱᠢᠶᠠᠯ᠎ᠢᠶᠠᠨ ᠳᠤᠷ᠎ᠠ᠎ᠪᠠᠷ ᠬᠡᠷᠡᠭᠯᠡᠬᠦ᠂ ᠬᠤᠪᠢ᠎ᠶᠢᠨ ᠣᠯᠵᠠ ᠠᠱᠢᠭ᠎ᠢ ᠬᠥᠭᠡᠭᠡᠴᠡᠯᠳᠦᠬᠦ ᠠᠯᠢᠪᠠ ᠦᠢᠯᠡ ᠠᠵᠢᠯᠯᠠᠭ᠎ᠠ᠎ᠶᠢ ᠡᠰᠡᠷᠭᠦᠴᠡᠬᠦ ᠬᠡᠷᠡᠭᠲᠡᠢ᠃

  (ᠵᠢᠷᠭᠤᠭ᠎ᠠ) ᠨᠠᠮ᠎ᠤᠨ ᠠᠷᠠᠳᠴᠢᠯᠠᠯ ᠲᠥᠪᠯᠡᠷᠡᠯ᠎ᠦᠨ ᠶᠣᠰᠤ᠎ᠶᠢ ᠪᠠᠷᠢᠮᠲᠠᠯᠠᠨ ᠬᠠᠮᠠᠭᠠᠯᠠᠵᠤ᠂ ᠠᠷᠠᠳᠴᠢᠯᠠᠯ᠎ᠤᠨ ᠰᠤᠷᠲᠠᠯ᠎ᠲᠠᠢ᠂ ᠪᠦᠬᠦ ᠲᠠᠯ᠎ᠠ᠎ᠶᠢᠨ ᠦᠵᠡᠯᠳᠠ᠎ᠲᠠᠢ ᠪᠠᠢᠵᠤ᠂ ᠥᠪᠡᠷ᠎ᠲᠡᠢ᠎ᠨᠢ ᠠᠳᠠᠯᠢ ᠪᠤᠰᠦ ᠰᠠᠨᠠᠯ ᠪᠦᠬᠦᠢ ᠨᠥᠬᠦᠳ᠎ᠢ ᠪᠠᠭᠲᠠᠭᠠᠭᠰᠠᠨ ᠪᠦᠬᠦ ᠨᠥᠬᠦᠳ᠎ᠲᠡᠢ ᠴᠢᠳᠠᠮᠠᠭᠠᠢ᠎ᠪᠠᠷ ᠪᠦᠯᠬᠦᠮᠳᠡᠵᠦ ᠬᠠᠮᠲᠤ ᠠᠵᠢᠯᠯᠠᠵᠤ ᠴᠢᠳᠠᠬᠤ ᠬᠡᠷᠡᠭᠲᠡᠢ᠃

  ᠭᠤᠴᠢᠨ ᠳᠣᠯᠤᠳᠤᠭᠠᠷ ᠵᠦᠢᠯ  ᠨᠠᠮ᠎ᠤᠨ ᠭᠡᠱᠢᠭᠦᠨ ᠺᠠᠳ᠋ᠷ ᠨᠠᠮ᠎ᠤᠨ ᠭᠡᠱᠢᠭᠦᠨ ᠪᠤᠰᠦ ᠺᠠᠳ᠋ᠷ᠎ᠲᠠᠢ ᠴᠢᠳᠠᠮᠠᠭᠠᠢ᠎ᠪᠠᠷ ᠬᠠᠮᠲᠤᠷᠠᠨ ᠠᠵᠢᠯᠯᠠᠵᠤ᠂ ᠲᠡᠳᠡᠨ᠎ᠢ ᠬᠦᠨᠳᠦᠳᠬᠡᠨ᠂ ᠲᠡᠳᠡᠨ᠎ᠦ ᠰᠠᠢᠨ ᠲᠠᠯ᠎ᠠ᠎ᠶᠢ ᠳᠠᠷᠤᠤ ᠬᠢᠴᠢᠶᠡᠩᠭᠦᠢ᠎ᠪᠡᠷ ᠰᠤᠷᠤᠯᠴᠠᠬᠤ ᠬᠡᠷᠡᠭᠲᠡᠢ᠃

  ᠨᠠᠮ᠎ᠤᠨ ᠡᠯ᠎ᠡ ᠱᠠᠲᠤᠨ᠎ᠤ ᠵᠣᠬᠢᠶᠠᠨ ᠪᠠᠢᠭᠤᠯᠤᠯᠲᠠ᠎ᠨᠢ ᠵᠢᠩᠬᠢᠨᠢ ᠴᠢᠳᠠᠪᠤᠷᠢ ᠦᠨᠡᠨ ᠮᠡᠳᠡᠯᠭᠡ᠎ᠲᠡᠢ ᠨᠠᠮ᠎ᠤᠨ ᠭᠡᠱᠢᠭᠦᠨ ᠪᠤᠰᠦ ᠺᠠᠳ᠋ᠷ᠎ᠢ ᠴᠢᠳᠠᠮᠠᠭᠠᠢ᠎ᠪᠠᠷ ᠢᠯᠡᠷᠡᠭᠦᠯᠦᠨ ᠲᠠᠨᠢᠯᠴᠠᠭᠤᠯᠵᠤ᠂ ᠤᠳᠤᠷᠢᠳᠭᠤ ᠠᠵᠢᠯ ᠳᠠᠭᠠᠭᠠᠯᠭᠠᠵᠤ᠂ ᠲᠡᠳᠡᠨ᠎ᠢ ᠵᠡᠷᠭᠡ ᠲᠤᠱᠢᠶᠠᠯ᠎ᠲᠠᠢ ᠡᠷᠬᠡ ᠮᠠᠲᠠᠯ᠎ᠲᠠᠢ ᠪᠠᠢᠯᠭᠠᠵᠤ᠂ ᠦᠢᠯᠡᠳᠦᠯ᠎ᠢ᠎ᠨᠢ ᠭᠦᠢᠴᠡᠳ ᠪᠠᠳᠠᠷᠠᠭᠤᠯᠬᠤ ᠬᠡᠷᠡᠭᠲᠡᠢ᠃     

  ᠭᠤᠴᠢᠨ ᠨᠠᠢ᠍ᠮᠠᠳᠤᠭᠠᠷ ᠵᠦᠢᠯ  ᠨᠠᠮ᠎ᠤᠨ ᠡᠯ᠎ᠡ ᠱᠠᠲᠤᠨ᠎ᠤ ᠤᠳᠤᠷᠢᠳᠭᠤ ᠺᠠᠳ᠋ᠷ ᠠᠷᠠᠳᠴᠢᠯᠠᠯ᠎ᠢᠶᠠᠷ ᠰᠣᠩᠭᠤᠭᠳᠠᠵᠤ ᠭᠠᠳᠠᠭᠱᠢ᠎ᠴᠤ ᠲᠡᠷᠡ᠂ ᠤᠳᠤᠷᠢᠳᠭᠤ ᠪᠠᠢᠭᠤᠯᠭ᠎ᠠ᠎ᠠᠴᠠ ᠲᠣᠮᠢᠯᠠᠭᠰᠠᠨ᠎ᠴᠤ ᠲᠡᠷᠡ᠂ ᠴᠥᠮ ᠨᠠᠰᠤ᠎ᠪᠠᠷ᠎ᠢᠶᠠᠨ ᠲᠤᠱᠢᠶᠠᠯ ᠬᠠᠷᠢᠭᠤᠴᠠᠬᠤ ᠪᠢᠱᠢ᠂ ᠲᠡᠳᠡᠨ᠎ᠦ ᠲᠤᠱᠢᠶᠠᠯ᠎ᠢ ᠴᠥᠮ ᠬᠤᠪᠢᠷᠠᠭᠤᠯᠬᠤ ᠪᠤᠶᠦ ᠬᠠᠰᠤᠵᠤ ᠪᠤᠯᠦᠨ᠎ᠡ᠃

  ᠨᠠᠰᠤ ᠪᠠ ᠡᠷᠡᠭᠦᠯ ᠮᠡᠨᠳᠦ᠎ᠶᠢᠨ ᠪᠠᠢᠳᠠᠯ᠎ᠨᠢ ᠦᠷᠭᠦᠯᠵᠢᠯᠡᠨ ᠠᠵᠢᠯ ᠬᠠᠷᠢᠭᠤᠴᠠᠬᠤ᠎ᠳᠤ ᠲᠣᠬᠢᠷᠠᠬᠤ᠎ᠦᠭᠡᠢ ᠪᠣᠯᠤᠭᠰᠠᠨ ᠺᠠᠳ᠋ᠷ ᠤᠯᠤᠰ᠎ᠤᠨ ᠲᠣᠭᠲᠠᠭᠠᠯ ᠶᠣᠰᠤᠭᠠᠷ ᠠᠵᠢᠯ᠎ᠠᠴᠠ᠎ᠪᠠᠨ ᠪᠠᠭᠤᠬᠤ ᠪᠤᠶᠦ ᠠᠵᠢᠯ᠎ᠠᠴᠠ᠎ᠪᠠᠨ ᠰᠠᠯᠵᠤ ᠠᠮᠠᠷᠠᠬᠤ ᠬᠡᠷᠡᠭᠲᠡᠢ᠃    

(ᠬᠠᠷᠢᠭᠤᠴᠠᠭᠰᠠᠨ ᠨᠠᠢᠷᠠᠭᠤᠯᠤᠭᠴᠢ : ᠰᠠᠢᠬᠠᠨ᠎ᠠ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠠᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ:
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ
ᠱᠢᠨ᠎ᠡ
ᠬᠤᠲᠠ
ᠲᠤᠭᠤᠷᠢᠭ᠎ᠤᠨ
ᠱᠢᠩᠬᠤᠸᠠ
ᠵᠡᠬᠦᠨ
ᠵᠡᠭᠡᠯᠢ᠎ᠵᠢᠨ
89᠎ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ᠃