ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠳᠦᠷᠢᠮ (ᠳᠣᠯᠤᠳᠤᠭᠠᠷ ᠪᠦᠯᠦᠭ)
2021.09.16

    ᠳᠣᠯᠤᠳᠤᠭᠠᠷ ᠪᠦᠯᠦᠭ  ᠨᠠᠮ᠎ᠤᠨ ᠰᠠᠬᠢᠯᠭ᠎ᠠ ᠪᠠᠲᠤ

    

  ᠭᠤᠴᠢ ᠶᠢᠰᠦᠳᠦᠭᠡᠷ ᠵᠦᠢᠯ  ᠨᠠᠮ᠎ᠤᠨ ᠰᠠᠬᠢᠯᠭ᠎ᠠ ᠪᠠᠲᠤ ᠪᠤᠯ ᠨᠠᠮ᠎ᠤᠨ ᠡᠯ᠎ᠡ ᠱᠠᠲᠤᠨ᠎ᠤ ᠵᠣᠬᠢᠶᠠᠨ ᠪᠠᠢᠭᠤᠯᠤᠯᠲᠠ ᠪᠣᠯᠤᠨ ᠪᠦᠬᠦ ᠨᠠᠮ᠎ᠤᠨ ᠭᠡᠱᠢᠭᠦᠨ᠎ᠦ ᠡᠷᠬᠡᠪᠱᠢ ᠵᠢᠷᠤᠮᠯᠠᠬᠤ ᠦᠢᠯᠡ ᠠᠵᠢᠯᠯᠠᠭ᠎ᠠ᠎ᠶᠢᠨ ᠳᠦᠷᠢᠮ ᠮᠦᠠ᠂ ᠨᠠᠮ᠎ᠤᠨ ᠪᠦᠯᠬᠦᠮᠳᠡᠯ ᠨᠢᠭᠡᠳᠦᠯ᠎ᠢ ᠬᠠᠮᠠᠭᠠᠯᠠᠬᠤ᠂ ᠨᠠᠮ᠎ᠤᠨ ᠡᠭᠦᠷᠭᠡ᠎ᠶᠢ ᠪᠡᠶᠡᠯᠡᠭᠦᠯᠬᠦ᠎ᠶᠢᠨ ᠪᠠᠲᠤᠯᠠᠭ᠎ᠠ ᠮᠦᠠ᠃ ᠨᠠᠮ᠎ᠤᠨ ᠵᠣᠬᠢᠶᠠᠨ ᠪᠠᠢᠭᠤᠯᠤᠯᠲᠠ ᠡᠷᠬᠡᠪᠱᠢ ᠨᠠᠮ᠎ᠤᠨ ᠰᠠᠬᠢᠯᠭ᠎ᠠ ᠪᠠᠲᠤ᠎ᠶᠢ ᠴᠢᠩᠭ᠎ᠠ ᠬᠡᠷᠡᠭᠵᠢᠭᠦᠯᠦᠨ ᠬᠠᠮᠠᠭᠠᠯᠠᠵᠤ᠂ ᠡᠪ ᠬᠠᠮᠲᠤ ᠨᠠᠮ᠎ᠤᠨ ᠭᠡᠱᠢᠭᠦᠨ ᠡᠷᠬᠡᠪᠱᠢ ᠨᠠᠮ᠎ᠤᠨ ᠰᠠᠬᠢᠯᠭ᠎ᠠ ᠪᠠᠲᠤ᠎ᠶᠢᠨ ᠬᠢᠵᠠᠭᠠᠷᠯᠠᠯ᠎ᠢ ᠤᠬᠠᠮᠰᠠᠷ᠎ᠠᠴᠠ᠎ᠪᠠᠨ ᠬᠦᠯᠢᠶᠡᠬᠦ ᠬᠡᠷᠡᠭᠲᠡᠢ᠃      

  ᠳᠥᠴᠢᠳᠦᠭᠡᠷ ᠵᠦᠢᠯ  ᠨᠠᠮ᠎ᠤᠨ ᠰᠠᠬᠢᠯᠭ᠎ᠠ ᠪᠠᠲᠤ᠎ᠳᠤ ᠭᠣᠤᠯᠳᠠᠭᠤ ᠤᠯᠤᠰ ᠲᠥᠷᠦ᠎ᠶᠢᠨ ᠰᠠᠬᠢᠯᠭ᠎ᠠ ᠪᠠᠲᠤ᠂ ᠵᠣᠬᠢᠶᠠᠨ ᠪᠠᠢᠭᠤᠯᠤᠯᠲᠠ᠎ᠶᠢᠨ ᠰᠠᠬᠢᠯᠭ᠎ᠠ ᠪᠠᠲᠤ᠂ ᠠᠷᠢᠭᠤᠨ ᠴᠢᠬᠡᠴᠢ᠎ᠶᠢᠨ ᠰᠠᠬᠢᠯᠭ᠎ᠠ ᠪᠠᠲᠤ᠂ ᠣᠯᠠᠨ ᠲᠦᠮᠡᠨ᠎ᠦ ᠰᠠᠬᠢᠯᠭ᠎ᠠ ᠪᠠᠲᠤ᠂ ᠠᠵᠢᠯ᠎ᠤᠨ ᠰᠠᠬᠢᠯᠭ᠎ᠠ ᠪᠠᠲᠤ᠂ ᠠᠮᠢᠳᠤᠷᠠᠯ᠎ᠤᠨ ᠰᠠᠬᠢᠯᠭ᠎ᠠ ᠪᠠᠲᠤ ᠪᠠᠭᠲᠠᠨ᠎ᠠ᠃

  ᠥᠩᠭᠡᠷᠡᠭᠰᠡᠨ᠎ᠶᠢ᠎ᠨᠢ ᠵᠠᠯᠬᠠᠭᠠᠵᠤ ᠬᠣᠢᠱᠢᠳᠠ᠎ᠳᠤᠨᠢ ᠴᠡᠭᠡᠷᠯᠡᠯ ᠪᠣᠯᠭᠠᠵᠤ᠂ ᠡᠪᠡᠳᠴᠢᠨ᠎ᠢ᠎ᠨᠢ ᠵᠠᠰᠠᠵᠤ ᠡᠳᠡᠭᠡᠷᠡᠭᠦᠯᠦᠨ ᠠᠪᠬᠤ᠂ ᠰᠠᠬᠢᠯᠭ᠎ᠠ ᠪᠠᠲᠤ᠎ᠶᠢ ᠵᠠᠪᠠᠯ ᠴᠢᠩᠭ᠎ᠠ ᠬᠡᠷᠡᠭᠵᠢᠭᠦᠯᠦᠨ᠂ ᠰᠠᠬᠢᠯᠭ᠎ᠠ ᠪᠠᠲᠤ᠎ᠶᠢ ᠵᠥᠷᠢᠴᠡᠪᠡᠯ ᠵᠠᠪᠠᠯ ᠨᠡᠬᠡᠮᠵᠢᠯᠡᠬᠦ᠂ ᠬᠡᠷᠡᠭ᠎ᠢ ᠡᠷᠲᠡ᠎ᠡᠴᠡ ᠠᠳᠭᠤᠨ ᠪᠠᠭ᠎ᠠ᠎ᠳᠤᠨᠢ ᠠᠳᠭᠤᠵᠤ᠂ ᠬᠡᠷᠡᠭ᠎ᠢ ᠪᠠᠭ᠎ᠠ ᠳᠡᠭᠡᠷ᠎ᠡ᠎ᠨᠢ ᠰᠡᠷᠭᠡᠢᠯᠡᠵᠦ ᠬᠣᠷᠢᠭᠯᠠᠬᠤ᠎ᠶᠢ ᠪᠠᠷᠢᠮᠲᠠᠯᠠᠨ᠂ ᠠᠯᠳᠠᠭ᠎ᠠ᠎ᠶᠢᠨ ᠬᠢᠨᠢ ᠱᠢᠨᠵᠢ ᠴᠢᠨᠠᠷ ᠪᠠ ᠦᠢᠯᠡ ᠪᠠᠢᠳᠠᠯ᠎ᠤᠨ ᠬᠢᠨᠢ ᠬᠦᠡᠳᠦ ᠬᠥᠩᠭᠡᠨ᠎ᠢ ᠦᠵᠡᠵᠦ ᠪᠠᠢᠭᠠᠳ ᠱᠢᠭᠦᠮᠵᠢᠯᠡᠨ ᠰᠤᠷᠭᠠᠵᠤ᠂ ᠴᠢᠨᠠᠭᠱᠢᠯᠠᠪᠠᠯ ᠰᠠᠬᠢᠯᠭ᠎ᠠ ᠪᠠᠲᠤ᠎ᠶᠢᠨ ᠱᠢᠢᠳᠬᠡᠯ ᠥᠭᠭᠦᠨ᠎ᠡ᠃ ᠬᠢᠨᠠᠯᠲᠠ ᠲᠠᠯᠪᠢᠬᠤ ᠪᠠ ᠰᠠᠬᠢᠯᠭ᠎ᠠ ᠪᠠᠲᠤ᠎ᠶᠢ ᠬᠡᠷᠡᠭᠵᠢᠭᠦᠯᠬᠦ 《ᠳᠥᠷᠪᠡᠨ ᠵᠦᠢᠯ᠎ᠦᠨ ᠬᠡᠯᠪᠡᠷᠢ ᠪᠠᠢᠳᠠᠯ》᠎ᠢ ᠬᠡᠷᠡᠭᠯᠡᠨ᠂ 《ᠨᠢᠭᠤᠷ ᠤᠯᠠᠢᠯᠭᠠᠨ᠂ ᠬᠥᠯᠦᠰᠦ ᠭᠠᠷᠭᠠᠬᠤ》᠎ᠶᠢ ᠬᠡᠪ᠎ᠦᠨ ᠪᠠᠢᠳᠠᠯ ᠪᠣᠯᠭᠠᠵᠤ᠂ ᠨᠠᠮ᠎ᠤᠨ ᠰᠠᠬᠢᠯᠭ᠎ᠠ ᠪᠠᠲᠤ᠎ᠶᠢᠨ ᠱᠢᠢᠳᠬᠡᠯ ᠦᠭᠭᠦ᠂ ᠵᠣᠬᠢᠶᠠᠨ ᠪᠠᠢᠭᠤᠯᠤᠯᠲᠠ᠎ᠶᠢᠨ ᠲᠣᠬᠢᠷᠠᠭᠤᠯᠤᠯᠲᠠ ᠬᠢᠬᠦ᠎ᠶᠢ ᠨᠠᠮ᠎ᠢ ᠬᠠᠮᠢᠶᠠᠷᠴᠤ ᠨᠠᠮ᠎ᠢ ᠵᠠᠰᠠᠬᠤ᠎ᠶᠢᠨ ᠴᠢᠬᠤᠯᠠ ᠠᠷᠭ᠎ᠠ ᠪᠠᠷᠢᠯ ᠪᠣᠯᠭᠠᠵᠤ᠂ ᠰᠠᠬᠢᠯᠭ᠎ᠠ ᠪᠠᠲᠤ᠎ᠶᠢ ᠬᠥᠨᠳᠤ ᠨᠣᠴᠢᠲᠠᠢ ᠵᠥᠷᠢᠴᠡᠭᠰᠡᠨ᠂ ᠡᠷᠡᠭᠦᠦ᠎ᠶᠢᠨ ᠬᠠᠤᠯᠢ ᠴᠠᠭᠠᠵᠠ᠎ᠶᠢ ᠬᠦᠨᠳᠦ ᠨᠣᠴᠢᠲᠠᠢ ᠵᠥᠷᠢᠴᠡᠭᠰᠡᠨ ᠨᠠᠮ᠎ᠤᠨ ᠭᠡᠱᠢᠭᠦᠨ᠎ᠢ ᠡᠷᠬᠡᠪᠱᠢ ᠨᠠᠮ᠎ᠠᠴᠠ ᠬᠥᠭᠡᠭᠡᠬᠦ ᠬᠡᠷᠡᠭᠲᠡᠢ᠃

  ᠨᠠᠮ᠎ᠤᠨ ᠳᠣᠲᠤᠭᠠᠳᠤ᠎ᠳᠤ ᠨᠠᠮ᠎ᠤᠨ ᠳᠦᠷᠢᠮ ᠪᠠ ᠤᠯᠤᠰ᠎ᠤᠨ ᠬᠠᠤᠯᠢ ᠴᠠᠭᠠᠵᠠ᠎ᠶᠢ ᠵᠥᠷᠢᠴᠡᠭᠰᠡᠨ ᠠᠷᠭ᠎ᠠ᠎ᠪᠠᠷ ᠨᠠᠮ᠎ᠤᠨ ᠭᠡᠱᠢᠭᠦᠨ᠎ᠳᠦ ᠬᠠᠨᠳᠤᠬᠤ᠎ᠶᠢ ᠴᠢᠩᠭ᠎ᠠ ᠴᠠᠭᠠᠵᠠᠯᠠᠨ᠎ᠠ᠂ ᠴᠣᠬᠢᠯᠲᠠ ᠥᠭᠴᠦ ᠬᠠᠷᠢᠭᠤ ᠠᠪᠬᠤ ᠪᠠ ᠭᠦᠵᠢᠷᠯᠡᠨ ᠵᠠᠭᠠᠯᠳᠤᠵᠤ ᠬᠣᠤᠷᠯᠠᠨ ᠬᠥᠨᠦᠭᠡᠬᠦ᠎ᠶᠢ ᠴᠢᠩᠭ᠎ᠠ ᠴᠠᠭᠠᠵᠠᠯᠠᠨ᠎ᠠ᠃ ᠡᠳᠡᠭᠡᠷ ᠲᠣᠭᠲᠠᠭᠠᠯ᠎ᠢ ᠵᠥᠷᠢᠴᠡᠭᠰᠡᠨ ᠵᠣᠬᠢᠶᠠᠨ ᠪᠠᠢᠭᠤᠯᠤᠯᠲᠠ ᠪᠤᠶᠦ ᠬᠤᠪᠢ ᠬᠥᠮᠦᠨ᠎ᠢ ᠡᠷᠬᠡᠪᠱᠢ ᠨᠠᠮ᠎ᠤᠨ ᠰᠠᠬᠢᠯᠭ᠎ᠠ ᠪᠠᠲᠤ ᠪᠠ ᠤᠯᠤᠰ᠎ᠤᠨ ᠬᠠᠤᠯᠢ ᠴᠠᠭᠠᠵᠠ᠎ᠪᠠᠷ ᠨᠡᠬᠡᠮᠵᠢᠯᠡᠬᠦ ᠬᠡᠷᠡᠭᠲᠡᠢ᠃         

  ᠳᠥᠴᠢᠨ ᠨᠢᠭᠡᠳᠦᠭᠡᠷ ᠵᠦᠢᠯ  ᠨᠠᠮ᠎ᠤᠨ ᠭᠡᠱᠢᠭᠦᠨ᠎ᠳᠦ ᠦᠭᠬᠦ ᠰᠠᠬᠢᠯᠭ᠎ᠠ ᠪᠠᠲᠤ᠎ᠶᠢᠨ ᠱᠢᠢᠳᠬᠡᠯ᠎ᠨᠢ᠄   

  ᠳᠣᠩᠭᠤᠳᠭᠤ᠂ ᠴᠢᠩᠭ᠎ᠠ ᠳᠣᠩᠭᠤᠳᠭᠤ᠂ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ᠂ ᠨᠠᠮ᠎ᠠᠴᠠ ᠬᠥᠭᠡᠭᠡᠬᠦ ᠵᠡᠷᠭᠡ ᠲᠠᠪᠤᠨ ᠵᠦᠢᠯ ᠪᠠᠢᠨ᠎ᠠ᠃       

  ᠨᠠᠮ᠎ᠳᠤ ᠪᠠᠢᠯᠭᠠᠵᠤ ᠬᠢᠨᠠᠨ ᠦᠵᠡᠬᠦ ᠬᠤᠭᠤᠴᠠᠭ᠎ᠠ᠎ᠶᠢ ᠬᠠᠮᠤᠭ ᠤᠷᠲᠤ᠎ᠳᠤ᠎ᠪᠠᠨ ᠬᠣᠶᠠᠷ ᠵᠢᠯ᠎ᠡᠴᠡ ᠬᠡᠲᠦᠷᠡᠭᠦᠯᠵᠦ ᠪᠣᠯᠬᠤ᠎ᠦᠭᠡᠢ᠃ ᠨᠠᠮ᠎ᠤᠨ ᠭᠡᠱᠢᠭᠦᠨ ᠨᠠᠮ᠎ᠳᠤ ᠪᠠᠢᠯᠭᠠᠵᠤ ᠬᠢᠨᠠᠨ ᠦᠵᠡᠬᠦ ᠬᠤᠭᠤᠴᠠᠭᠠᠨ᠎ᠳᠤ ᠪᠠᠲᠤᠯᠠᠬᠤ ᠡᠷᠬᠡ᠂ ᠰᠣᠩᠭᠤᠬᠤ ᠡᠷᠬᠡ ᠪᠠ ᠰᠣᠩᠭᠤᠭᠳᠠᠬᠤ ᠡᠷᠬᠡ᠎ᠦᠭᠡᠢ᠃ ᠨᠠᠮ᠎ᠤᠨ ᠭᠡᠱᠢᠭᠦᠨ᠎ᠢ ᠨᠠᠮ᠎ᠳᠤ ᠪᠠᠢᠯᠭᠠᠵᠤ ᠬᠢᠨᠠᠨ ᠦᠵᠡᠭᠰᠡᠨ᠎ᠦ ᠬᠣᠢᠨ᠎ᠠ ᠠᠯᠳᠠᠭ᠎ᠠ᠎ᠪᠠᠨ ᠦᠨᠡᠨ᠎ᠬᠦ ᠬᠠᠯᠠᠭᠰᠠᠨ ᠪᠠᠢᠪᠠᠯ᠂ ᠨᠠᠮ᠎ᠤᠨ ᠭᠡᠱᠢᠭᠦᠨ᠎ᠦ ᠡᠷᠬᠡ᠎ᠶᠢ᠎ᠨᠢ ᠰᠡᠷᠭᠦᠭᠡᠬᠦ ᠬᠡᠷᠡᠭᠲᠡᠢ; ᠠᠯᠳᠠᠭ᠎ᠠ᠎ᠪᠠᠨ ᠪᠠᠷᠢᠮᠲᠠᠯᠠᠭᠠᠳ ᠬᠠᠯᠠᠬᠤ᠎ᠦᠭᠡᠢ ᠪᠠᠢᠪᠠᠯ᠂ ᠨᠠᠮ᠎ᠠᠴᠠ ᠬᠥᠭᠡᠭᠡᠬᠦ ᠬᠡᠷᠡᠭᠲᠡᠢ᠃       

  ᠨᠠᠮ᠎ᠠᠴᠠ ᠬᠥᠭᠡᠭᠡᠬᠦ ᠪᠤᠯ ᠨᠠᠮ᠎ᠤᠨ ᠳᠣᠲᠤᠭᠠᠳᠤ᠎ᠶᠢᠨ ᠬᠠᠮᠤᠭ᠎ᠤᠨ ᠬᠦᠡᠳᠦ ᠱᠢᠢᠳᠬᠡᠯ ᠮᠦᠠ᠃ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠨᠢ ᠨᠠᠮ᠎ᠤᠨ ᠭᠡᠱᠢᠭᠦᠨ᠎ᠢ ᠨᠠᠮ᠎ᠠᠴᠠ ᠬᠥᠭᠡᠭᠡᠬᠦ᠎ᠪᠡᠷ ᠲᠣᠭᠲᠠᠭᠠᠬᠤ ᠪᠤᠶᠦ ᠵᠥᠪᠱᠢᠶᠡᠷᠡᠬᠦ᠎ᠳᠤ᠎ᠪᠠᠨ ᠬᠣᠯᠪᠤᠭᠳᠠᠯ ᠪᠦᠬᠦᠢ ᠮᠠᠲᠧᠷᠢᠶᠠᠯ ᠪᠣᠯᠤᠨ ᠰᠠᠨᠠᠯ᠎ᠢ ᠪᠦᠬᠦ ᠲᠠᠯ᠎ᠠ᠎ᠪᠠᠷ ᠰᠤᠳᠤᠯᠵᠤ᠂ ᠮᠠᠱᠢ ᠪᠣᠯᠭᠤᠮᠵᠢᠲᠠᠢ ᠬᠠᠨᠳᠤᠬᠤ ᠬᠡᠷᠡᠭᠲᠡᠢ᠃         

  ᠳᠥᠴᠢᠨ ᠬᠣᠶᠠᠳᠤᠭᠠᠷ ᠵᠦᠢᠯ  ᠨᠠᠮ᠎ᠤᠨ ᠭᠡᠱᠢᠭᠦᠨ᠎ᠳᠦ ᠰᠠᠬᠢᠯᠭ᠎ᠠ ᠪᠠᠲᠤ᠎ᠶᠢᠨ ᠱᠢᠢᠳᠬᠡᠯ ᠥᠭᠬᠦ᠎ᠳᠤ᠎ᠪᠠᠨ ᠡᠷᠬᠡᠪᠱᠢ ᠡᠭᠦᠷ᠎ᠦᠨ ᠶᠡᠬᠡ ᠬᠤᠷᠠᠯ᠎ᠢᠶᠠᠷ ᠶᠠᠷᠢᠯᠴᠠᠨ ᠲᠣᠭᠲᠠᠭᠠᠵᠤ᠂ ᠨᠠᠮ᠎ᠤᠨ ᠦᠨᠳᠦᠰᠦᠠ ᠱᠠᠲᠤᠨ᠎ᠤ ᠬᠣᠷᠢᠶᠠᠨ᠎ᠳᠤ ᠮᠡᠳᠡᠭᠦᠯᠦᠨ ᠵᠥᠪᠱᠢᠶᠡᠷᠡᠭᠦᠯᠬᠦ ᠬᠡᠷᠡᠭᠲᠡᠢ; ᠬᠡᠷᠪᠡ ᠬᠣᠯᠪᠤᠭᠳᠠᠬᠤ ᠠᠰᠠᠭᠤᠳᠠᠯ᠎ᠨᠢ ᠨᠡᠯᠢᠶᠡᠳ ᠴᠢᠬᠤᠯᠠ ᠪᠤᠶᠦ ᠪᠤᠳᠤᠯᠢᠶᠠᠨᠲᠠᠢ ᠪᠠᠢᠬᠤ᠂ ᠡᠰᠡᠬᠦᠯ᠎ᠡ ᠨᠠᠮ᠎ᠤᠨ ᠭᠡᠱᠢᠭᠦᠨ᠎ᠳᠦ ᠨᠠᠮ᠎ᠠᠴᠠ ᠬᠥᠭᠡᠭᠡᠬᠦ ᠱᠢᠢᠳᠬᠡᠯ ᠥᠭᠬᠦ᠎ᠳᠦ ᠬᠦᠷᠪᠡᠯ᠂ ᠠᠳᠠᠯᠢ ᠪᠤᠰᠦ ᠪᠠᠢᠳᠠᠯ᠎ᠢ᠎ᠨᠢ ᠢᠯᠭᠠᠵᠤ ᠱᠢᠶᠠᠨ᠎ᠤ ᠱᠠᠲᠤ ᠪᠤᠶᠦ ᠱᠢᠶᠠᠨ᠎ᠤ ᠱᠠᠲᠤᠨ᠎ᠠᠴᠠ ᠳᠡᠭᠡᠭᠱᠢᠬᠢ ᠨᠠᠮ᠎ᠤᠨ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ᠎ᠳᠤ ᠮᠡᠳᠡᠭᠦᠯᠵᠦ ᠬᠢᠨᠠᠨ ᠪᠠᠢᠴᠠᠭᠠᠯᠭᠠᠵᠤ ᠵᠥᠪᠱᠢᠶᠡᠷᠡᠭᠦᠯᠬᠦ ᠬᠡᠷᠡᠭᠲᠡᠢ᠃ ᠣᠨᠴᠠᠭᠠᠢ ᠪᠠᠢᠳᠠᠯ᠎ᠤᠨ ᠳᠣᠤᠷ᠎ᠠ᠂ ᠱᠢᠶᠠᠨ᠎ᠤ ᠱᠠᠲᠤ ᠪᠠ ᠱᠢᠶᠠᠨ᠎ᠤ ᠱᠠᠲᠤᠨ᠎ᠠᠴᠠ ᠳᠡᠭᠡᠭᠱᠢᠬᠢ ᠡᠯ᠎ᠡ ᠱᠠᠲᠤᠨ᠎ᠤ ᠨᠠᠮ᠎ᠤᠨ ᠬᠣᠷᠢᠶ᠎ᠠ ᠬᠢᠭᠡᠳ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ᠎ᠨᠢ ᠨᠠᠮ᠎ᠤᠨ ᠭᠡᠱᠢᠭᠦᠨ᠎ᠳᠦ ᠰᠠᠬᠢᠯᠭ᠎ᠠ ᠪᠠᠲᠤ᠎ᠶᠢᠨ ᠱᠢᠢᠳᠬᠡᠯ ᠥᠭᠬᠦ᠎ᠪᠡᠷ ᠱᠢᠭᠤᠳ ᠲᠣᠭᠲᠠᠭᠠᠬᠤ ᠡᠷᠬᠡ᠎ᠲᠡᠢ᠃

  ᠨᠠᠮ᠎ᠤᠨ ᠲᠥᠪ ᠬᠣᠷᠢᠶᠠᠨ᠎ᠤ ᠭᠡᠱᠢᠭᠦᠨ᠂ ᠣᠷᠤᠯᠠᠭᠴᠢ ᠭᠡᠱᠢᠭᠦᠨ᠎ᠳᠦ ᠳᠣᠩᠭᠤᠳᠭᠤ᠂ ᠴᠢᠩᠭ᠎ᠠ ᠳᠣᠩᠭᠤᠳᠭᠤ ᠱᠢᠢᠳᠬᠡᠯ ᠦᠭᠬᠦ᠎ᠳᠦ᠂ ᠲᠥᠪ ᠬᠣᠷᠢᠶᠠᠨ᠎ᠤ ᠰᠠᠬᠢᠯᠭ᠎ᠠ ᠪᠠᠲᠤ ᠪᠠᠢᠴᠠᠭᠠᠬᠤ ᠬᠣᠷᠢᠶᠠᠨ᠎ᠤ ᠪᠠᠢᠩᠭᠤ᠎ᠶᠢᠨ ᠬᠣᠷᠢᠶ᠎ᠠ᠎ᠠᠴᠠ ᠬᠢᠨᠠᠨ ᠶᠠᠷᠢᠯᠴᠠᠭᠰᠠᠨ᠎ᠤ ᠳᠠᠷᠠᠭ᠎ᠠ᠂ ᠨᠠᠮ᠎ᠤᠨ ᠲᠥᠪ ᠬᠣᠷᠢᠶᠠᠨ᠎ᠳᠤ ᠮᠡᠳᠡᠭᠦᠯᠦᠨ ᠵᠥᠪᠱᠢᠶᠡᠷᠡᠭᠦᠯᠦᠨ᠎ᠡ᠃ ᠣᠷᠤᠨ ᠨᠤᠲᠤᠭ᠎ᠤᠨ ᠡᠯ᠎ᠡ ᠱᠠᠲᠤᠨ᠎ᠤ ᠨᠠᠮ᠎ᠤᠨ ᠬᠣᠷᠢᠶᠠᠨ᠎ᠤ ᠭᠡᠱᠢᠭᠦᠨ᠂ ᠣᠷᠤᠯᠠᠭᠴᠢ ᠭᠡᠱᠢᠭᠦᠨ᠎ᠳᠦ ᠳᠣᠩᠭᠤᠳᠭᠤ᠂ ᠴᠢᠩᠭ᠎ᠠ ᠳᠣᠩᠭᠤᠳᠭᠤ ᠱᠢᠢᠳᠬᠡᠯ ᠦᠭᠬᠦ᠎ᠳᠦ᠂ ᠳᠡᠭᠡᠳᠦ ᠨᠢᠭᠡ ᠱᠠᠲᠤᠨ᠎ᠤ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ᠎ᠪᠠᠷ ᠵᠥᠪᠱᠢᠶᠡᠷᠡᠭᠦᠯᠬᠦ ᠪᠥᠭᠡᠳ ᠲᠡᠭᠦᠨ᠎ᠦ ᠠᠳᠠᠯᠢ ᠱᠠᠲᠤᠨ᠎ᠤ ᠨᠠᠮ᠎ᠤᠨ ᠬᠣᠷᠢᠶ᠎ᠠ᠎ᠳᠤ ᠮᠡᠳᠡᠭᠦᠯᠦᠨ ᠳᠠᠩᠰᠠᠯᠠᠭᠤᠯᠬᠤ ᠬᠡᠷᠡᠭᠲᠡᠢ᠃      

  ᠨᠠᠮ᠎ᠤᠨ ᠲᠥᠪ ᠬᠣᠷᠢᠶᠠᠨ᠎ᠤ ᠪᠠ ᠣᠷᠤᠨ ᠨᠤᠲᠤᠭ᠎ᠤᠨ ᠡᠯ᠎ᠡ ᠱᠠᠲᠤᠨ᠎ᠤ ᠬᠣᠷᠢᠶᠠᠨ᠎ᠤ ᠭᠡᠱᠢᠭᠦᠨ᠂ ᠣᠷᠤᠯᠠᠭᠴᠢ ᠭᠡᠱᠢᠭᠦᠨ᠎ᠳᠦ ᠨᠠᠮ᠎ᠤᠨ ᠳᠣᠲᠤᠷᠠᠬᠢ ᠲᠤᠱᠢᠶᠠᠯ᠎ᠠᠴᠠ᠎ᠨᠢ ᠣᠭᠴᠤᠷᠠᠭᠤᠯᠬᠤ᠂ ᠨᠠᠮ᠎ᠳᠤ ᠪᠠᠢᠯᠭᠠᠵᠤ ᠬᠢᠨᠠᠨ ᠦᠵᠡᠬᠦ ᠪᠤᠶᠦ ᠨᠠᠮ᠎ᠠᠴᠠ ᠬᠥᠭᠡᠭᠡᠬᠦ ᠱᠢᠢᠳᠬᠡᠯ ᠥᠭᠬᠦ᠎ᠳᠤ᠎ᠪᠠᠨ ᠡᠷᠬᠡᠪᠱᠢ ᠲᠤᠰ ᠬᠥᠮᠦᠨ᠎ᠦ ᠪᠠᠢᠭ᠎ᠠ ᠨᠠᠮ᠎ᠤᠨ ᠬᠣᠷᠢᠶᠠᠨ᠎ᠤ ᠪᠦᠭᠦᠳᠡ ᠬᠤᠷᠠᠯ᠎ᠤᠨ ᠭᠤᠷᠪᠠᠨ᠎ᠤ ᠬᠣᠶᠠᠷ᠎ᠠᠴᠠ ᠳᠡᠭᠡᠭᠱᠢᠬᠢ ᠣᠯᠠᠩᠬᠢ ᠬᠥᠮᠦᠰ᠎ᠢᠶᠡᠷ ᠲᠣᠭᠲᠠᠭᠠᠯᠭᠠᠬᠤ ᠬᠡᠷᠡᠭᠲᠡᠢ᠃ ᠪᠦᠭᠦᠳᠡ ᠬᠤᠷᠠᠯ᠎ᠤᠨ ᠬᠤᠷᠠᠯ ᠲᠡᠭᠦᠰᠦᠭᠰᠡᠨ ᠬᠤᠭᠤᠴᠠᠭᠠᠨ᠎ᠳᠤ ᠤᠷᠢᠳ᠎ᠢᠶᠠᠷ ᠲᠥᠪ ᠬᠣᠷᠢᠶᠠᠨ᠎ᠤ ᠤᠯᠤᠰ ᠲᠥᠷᠦ᠎ᠶᠢᠨ ᠲᠣᠪᠴᠢᠶ᠎ᠠ ᠪᠣᠯᠤᠨ ᠣᠷᠤᠨ ᠨᠤᠲᠤᠭ᠎ᠤᠨ ᠡᠯ᠎ᠡ ᠱᠠᠲᠤᠨ᠎ᠤ ᠬᠣᠷᠢᠶᠠᠨ᠎ᠤ ᠪᠠᠢᠩᠭᠤ᠎ᠶᠢᠨ ᠬᠣᠷᠢᠶ᠎ᠠ᠎ᠠᠴᠠ ᠱᠢᠢᠳᠪᠦᠷᠢᠯᠡᠬᠦ ᠲᠣᠭᠲᠠᠭᠠᠯ ᠭᠠᠷᠭᠠᠵᠤ᠂ ᠨᠠᠮ᠎ᠤᠨ ᠬᠣᠷᠢᠶᠠᠨ᠎ᠤ ᠪᠦᠭᠦᠳᠡ ᠬᠤᠷᠠᠯ ᠬᠤᠷᠠᠯᠳᠤᠭᠤᠯᠬᠤ ᠦᠶ᠎ᠡ᠎ᠳᠤ ᠨᠡᠬᠡᠮᠵᠢᠯᠡᠨ ᠵᠥᠪᠱᠢᠶᠡᠷᠡᠭᠦᠯᠵᠦ ᠪᠤᠯᠦᠨ᠎ᠡ᠃ ᠣᠷᠤᠨ ᠨᠤᠲᠤᠭ᠎ᠤᠨ ᠡᠯ᠎ᠡ ᠱᠠᠲᠤᠨ᠎ᠤ ᠬᠣᠷᠢᠶᠠᠨ᠎ᠤ ᠭᠡᠱᠢᠭᠦᠨ ᠪᠠ ᠣᠷᠤᠯᠠᠭᠴᠢ ᠭᠡᠱᠢᠭᠦᠨ᠎ᠳᠦ ᠳᠡᠭᠡᠷ᠎ᠡ ᠳᠤᠷᠠᠳᠤᠭᠰᠠᠨ ᠱᠢᠢᠳᠬᠡᠯ ᠥᠭᠬᠦ᠎ᠳᠦ᠂ ᠡᠷᠬᠡᠪᠱᠢ ᠳᠡᠭᠡᠳᠦ ᠱᠠᠲᠤᠨ᠎ᠤ ᠰᠠᠬᠢᠯᠭ᠎ᠠ ᠪᠠᠲᠤ ᠪᠠᠢᠴᠠᠭᠠᠬᠤ ᠬᠣᠷᠢᠶᠠᠨ᠎ᠤ ᠪᠠᠢᠩᠭᠤ᠎ᠶᠢᠨ ᠬᠣᠷᠢᠶ᠎ᠠ᠎ᠪᠠᠷ ᠬᠢᠨᠠᠨ ᠶᠠᠷᠢᠯᠴᠠᠭᠤᠯᠵᠤ᠂ ᠡᠨᠡ᠎ᠬᠦ ᠱᠠᠲᠤᠨ᠎ᠤ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ᠎ᠠᠴᠠ ᠠᠳᠠᠯᠢ ᠱᠠᠲᠤᠨ᠎ᠤ ᠨᠠᠮ᠎ᠤᠨ ᠬᠣᠷᠢᠶ᠎ᠠ᠎ᠳᠤ ᠮᠡᠳᠡᠭᠦᠯᠦᠨ ᠵᠥᠪᠱᠢᠶᠡᠷᠡᠭᠦᠯᠬᠦ ᠬᠡᠷᠡᠭᠲᠡᠢ᠃         

  ᠡᠷᠡᠭᠦᠦ᠎ᠶᠢᠨ ᠬᠠᠤᠯᠢ ᠴᠠᠭᠠᠵᠠ᠎ᠶᠢ ᠬᠦᠡᠳᠦ ᠨᠣᠴᠢᠲᠠᠢ ᠵᠥᠷᠢᠴᠡᠭᠰᠡᠨ ᠲᠥᠪ ᠬᠣᠷᠢᠶᠠᠨ᠎ᠤ ᠭᠡᠱᠢᠭᠦᠨ᠂ ᠣᠷᠤᠯᠠᠭᠴᠢ ᠭᠡᠱᠢᠭᠦᠨ᠎ᠢ ᠨᠠᠮ᠎ᠠᠴᠠ ᠬᠥᠭᠡᠭᠡᠬᠦ᠎ᠶᠢ ᠲᠥᠪ ᠬᠣᠷᠢᠶᠠᠨ᠎ᠤ ᠤᠯᠤᠰ ᠲᠥᠷᠦ᠎ᠶᠢᠨ ᠲᠣᠪᠴᠢᠶ᠎ᠠ ᠲᠣᠭᠲᠠᠭᠠᠨ᠎ᠠ; ᠡᠷᠡᠭᠦᠦ᠎ᠶᠢᠨ ᠬᠠᠤᠯᠢ ᠴᠠᠭᠠᠵᠠ᠎ᠶᠢ ᠬᠦᠡᠳᠦ ᠨᠣᠴᠢᠲᠠᠢ ᠵᠥᠷᠢᠴᠡᠭᠰᠡᠨ ᠣᠷᠤᠨ ᠨᠤᠲᠤᠭ᠎ᠤᠨ ᠡᠯ᠎ᠡ ᠱᠠᠲᠤᠨ᠎ᠤ ᠬᠣᠷᠢᠶᠠᠨ᠎ᠤ ᠭᠡᠱᠢᠭᠦᠨ᠂ ᠣᠷᠤᠯᠠᠭᠴᠢ ᠭᠡᠱᠢᠭᠦᠨ᠎ᠢ ᠨᠠᠮ᠎ᠠᠴᠠ ᠬᠥᠭᠡᠭᠡᠬᠦ᠎ᠶᠢ ᠠᠳᠠᠯᠢ ᠱᠠᠲᠤᠨ᠎ᠤ ᠬᠣᠷᠢᠶᠠᠨ᠎ᠤ ᠪᠠᠢᠩᠭᠤ᠎ᠶᠢᠨ ᠬᠣᠷᠢᠶ᠎ᠠ ᠲᠣᠭᠲᠠᠭᠠᠨ᠎ᠠ᠃        

  ᠳᠥᠴᠢᠨ ᠭᠤᠷᠪᠠᠳᠤᠭᠠᠷ ᠵᠦᠢᠯ  ᠨᠠᠮ᠎ᠤᠨ ᠵᠣᠬᠢᠶᠠᠨ ᠪᠠᠢᠭᠤᠯᠤᠯᠲᠠ᠎ᠨᠢ ᠨᠠᠮ᠎ᠤᠨ ᠭᠡᠱᠢᠭᠦᠨ᠎ᠳᠦ ᠱᠢᠢᠳᠬᠡᠯ ᠥᠭᠬᠦ ᠲᠣᠭᠲᠠᠭᠠᠯ ᠭᠠᠷᠭᠠᠬᠤ᠎ᠳᠤ᠎ᠪᠠᠨ᠂ ᠦᠨᠡᠨ᠎ᠢ ᠪᠠᠷᠢᠮᠲᠠᠯᠠᠨ ᠪᠣᠳᠠᠲᠤ ᠬᠡᠷᠡᠭ᠎ᠢ᠎ᠨᠢ ᠪᠠᠢᠴᠠᠭᠠᠵᠤ ᠲᠣᠳᠤᠯᠠᠬᠤ ᠬᠡᠷᠡᠭᠲᠡᠢ᠃ ᠱᠢᠢᠳᠬᠡᠯ ᠥᠭᠬᠦ ᠲᠣᠭᠲᠠᠭᠠᠯ᠎ᠤᠨ ᠪᠠᠷᠢᠮᠲᠠ ᠪᠣᠯᠭᠠᠭᠰᠠᠨ ᠪᠣᠳᠠᠲᠤ ᠬᠡᠷᠡᠭ᠎ᠦᠨ ᠮᠠᠲᠧᠷᠢᠶᠠᠯ ᠪᠠ ᠱᠢᠢᠳᠬᠡᠯ ᠥᠭᠬᠦ ᠲᠣᠭᠲᠠᠭᠠᠯ᠎ᠢ ᠡᠷᠬᠡᠪᠱᠢ ᠲᠤᠰ ᠬᠥᠮᠦᠨ ᠳ᠋ᠤᠨᠢ ᠦᠵᠡᠬᠦᠯᠵᠦ᠂ ᠲᠤᠰ ᠬᠥᠮᠦᠨ᠎ᠦ ᠪᠠᠢᠳᠠᠯ᠎ᠢᠶᠠᠨ ᠬᠡᠯᠡᠵᠦ ᠲᠣᠳᠤᠷᠬᠠᠢᠯᠠᠬᠤ ᠪᠠ ᠲᠠᠢᠯᠪᠤᠷᠢᠯᠠᠨ ᠵᠥᠪᠲᠦᠭᠡᠬᠦ᠎ᠶᠢ᠎ᠨᠢ ᠰᠣᠨᠤᠰᠭᠤ ᠬᠡᠷᠡᠭᠲᠡᠢ᠃ ᠲᠤᠰ ᠬᠥᠮᠦᠨ᠎ᠨᠢ ᠱᠢᠢᠳᠬᠡᠯ ᠥᠭᠬᠦ ᠲᠣᠭᠲᠠᠭᠠᠯ᠎ᠢ ᠵᠥᠪᠱᠢᠶᠡᠷᠡᠬᠦ᠎ᠦᠭᠡᠢ ᠪᠤᠯ ᠭᠣᠮᠤᠳᠠᠯ ᠲᠣᠭᠠᠴᠢᠵᠤ ᠪᠤᠯᠦᠨ᠎ᠡ᠂ ᠲᠡᠭᠦᠨ᠎ᠢ᠎ᠨᠢ ᠨᠠᠮ᠎ᠤᠨ ᠬᠣᠯᠪᠤᠭᠳᠠᠯ ᠪᠦᠬᠦᠢ ᠵᠣᠬᠢᠶᠠᠨ ᠪᠠᠢᠭᠤᠯᠤᠯᠲᠠ ᠡᠷᠬᠡᠪᠱᠢ ᠬᠠᠷᠢᠭᠤᠴᠠᠨ ᠱᠢᠢᠳᠪᠦᠷᠢᠯᠡᠬᠦ ᠪᠤᠶᠦ ᠳᠠᠷᠤᠢ ᠲᠦᠷᠭᠡᠨ ᠳᠠᠮᠵᠢᠭᠤᠯᠵᠤ ᠥᠭᠬᠦ ᠬᠡᠷᠡᠭᠲᠡᠢ᠂ ᠳᠠᠷᠤᠵᠤ ᠲᠠᠯᠪᠢᠵᠤ ᠪᠣᠯᠬᠤ᠎ᠦᠭᠡᠢ᠃ ᠦᠨᠡᠬᠡᠷ ᠪᠤᠷᠤᠭᠤ ᠰᠠᠨᠠᠯ᠎ᠢᠶᠠᠨ ᠪᠠᠷᠢᠮᠲᠠᠯᠠᠭᠰᠠᠳ ᠪᠠ ᠶᠣᠰᠤ ᠪᠤᠰᠦ ᠱᠠᠭᠠᠷᠳᠠᠯᠭ᠎ᠠ ᠭᠠᠷᠭᠠᠭᠰᠠᠳ᠎ᠢ ᠱᠢᠭᠦᠮᠵᠢᠯᠡᠨ ᠰᠤᠷᠭᠠᠬᠤ ᠬᠡᠷᠡᠭᠲᠡᠢ᠃        

  ᠳᠥᠴᠢᠨ ᠳᠥᠷᠪᠡᠳᠦᠭᠡᠷ ᠵᠦᠢᠯ  ᠨᠠᠮ᠎ᠤᠨ ᠵᠣᠬᠢᠶᠠᠨ ᠪᠠᠢᠭᠤᠯᠤᠯᠲᠠ ᠬᠡᠷᠪᠡ ᠨᠠᠮ᠎ᠤᠨ ᠰᠠᠬᠢᠯᠭ᠎ᠠ ᠪᠠᠲᠤ᠎ᠶᠢ ᠬᠠᠮᠠᠭᠠᠯᠠᠬᠤ ᠲᠠᠯ᠎ᠠ᠎ᠪᠠᠷ ᠬᠠᠷᠢᠭᠤᠴᠠᠯᠭ᠎ᠠ ᠠᠯᠳᠠᠭᠰᠠᠨ ᠪᠠᠢᠪᠠᠯ ᠡᠷᠬᠡᠪᠱᠢ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠃        

  ᠨᠠᠮ᠎ᠤᠨ ᠰᠠᠬᠢᠯᠭ᠎ᠠ ᠪᠠᠲᠤ᠎ᠶᠢ ᠨᠣᠴᠢᠲᠠᠢ ᠵᠥᠷᠢᠴᠡᠭᠰᠡᠨ ᠪᠥᠭᠡᠳ ᠥᠪᠡᠷᠰᠡᠳ᠎ᠪᠠᠨ ᠮᠦᠨ ᠵᠠᠯᠠᠷᠠᠭᠤᠯᠵᠤ ᠴᠢᠳᠠᠬᠤ᠎ᠦᠭᠡᠢ ᠨᠠᠮ᠎ᠤᠨ ᠵᠣᠬᠢᠶᠠᠨ ᠪᠠᠢᠭᠤᠯᠤᠯᠲᠠ᠎ᠶᠢ ᠳᠡᠭᠡᠳᠦ ᠨᠢᠭᠡ ᠱᠠᠲᠤᠨ᠎ᠤ ᠨᠠᠮ᠎ᠤᠨ ᠬᠣᠷᠢᠶ᠎ᠠ᠎ᠨᠢ ᠪᠠᠢᠴᠠᠭᠠᠨ ᠲᠣᠳᠤᠯᠠᠵᠤ ᠬᠢᠨᠠᠨ ᠬᠠᠷᠭᠤᠭᠤᠯᠤᠭᠰᠠᠨ᠎ᠤ ᠬᠣᠢᠨ᠎ᠠ᠂ ᠦᠢᠯᠡ ᠪᠠᠢᠳᠠᠯ᠎ᠤᠨ ᠬᠢᠨᠢ ᠬᠦᠡᠳᠦ ᠬᠥᠩᠭᠡᠨ᠎ᠢ ᠦᠵᠡᠵᠦ ᠪᠠᠢᠭᠠᠳ ᠥᠭᠡᠷᠡᠴᠢᠯᠡᠨ ᠪᠠᠢᠭᠤᠯᠬᠤ ᠪᠤᠶᠦ ᠲᠠᠷᠬᠠᠭᠠᠬᠤ ᠲᠣᠭᠲᠠᠭᠠᠯ ᠭᠠᠷᠭᠠᠬᠤ ᠪᠥᠭᠡᠳ ᠲᠡᠭᠦᠨ᠎ᠡᠴᠡ ᠳᠡᠭᠡᠳᠦ ᠨᠢᠭᠡ ᠱᠠᠲᠤᠨ᠎ᠤ ᠨᠠᠮ᠎ᠤᠨ ᠬᠣᠷᠢᠶ᠎ᠠ᠎ᠳᠤ ᠮᠡᠳᠡᠭᠦᠯᠵᠦ ᠬᠢᠨᠠᠨ ᠪᠠᠢᠴᠠᠭᠠᠯᠭᠠᠵᠤ ᠵᠥᠪᠱᠢᠶᠡᠷᠡᠭᠦᠯᠦᠭᠡᠳ᠂ ᠠᠯᠪᠠᠨ ᠶᠣᠰᠤ᠎ᠪᠠᠷ ᠨᠡᠢᠲᠡᠯᠡᠨ ᠬᠡᠷᠡᠭᠵᠢᠭᠦᠯᠬᠦ ᠬᠡᠷᠡᠭᠲᠡᠢ᠃     

(ᠬᠠᠷᠢᠭᠤᠴᠠᠭᠰᠠᠨ ᠨᠠᠢᠷᠠᠭᠤᠯᠤᠭᠴᠢ : ᠰᠠᠢᠬᠠᠨ᠎ᠠ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠠᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ:
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ
ᠱᠢᠨ᠎ᠡ
ᠬᠤᠲᠠ
ᠲᠤᠭᠤᠷᠢᠭ᠎ᠤᠨ
ᠱᠢᠩᠬᠤᠸᠠ
ᠵᠡᠬᠦᠨ
ᠵᠡᠭᠡᠯᠢ᠎ᠵᠢᠨ
89᠎ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ᠃